☆ ᠳ᠋·ᠪᠦᠷᠢᠨᠲᠤᠭᠲᠠᠬᠤ
ᠨᠢᠭᠡ ᠪᠣᠭᠤᠵᠢ ᠨᠠᠷᠢᠮᠤ ᠶᠢᠨ ᠳᠦᠷᠦᠭᠦᠤ
ᠡᠵᠢ ᠮᠢᠨᠢ ᠠᠮᠢᠳᠤ ᠰᠡᠷᠢᠭᠦᠨ ᠪᠠᠢ᠌ᠬᠤ ᠳᠠᠭᠠᠨ ᠳᠠᠷᠢᠶᠠᠨ ᠭᠠᠵᠠᠷ ᠲᠠᠭᠠᠨ ᠭᠡᠳᠦᠭᠡᠨ ᠮᠤ ᠴᠤ ᠪᠣᠯᠤᠭ ᠵᠢᠯ ᠵᠢᠯ ᠨᠠᠷᠢᠮᠤ ᠳᠠᠷᠢᠳᠠᠭ᠃
ᠭᠦᠷᠡᠩ ᠬᠠᠷ᠎ᠠ ᠰᠢᠷᠤᠢ ᠲᠡᠶ ᠳᠠᠷᠢᠶᠠᠨ ᠵᠤᠷᠬᠠᠨ ᠳᠠᠭᠠᠨ ᠭᠦᠯᠦᠰᠤ ᠠᠰᠬᠠᠷᠠᠭᠤᠯᠤᠨ ᠠᠵᠢᠯᠯᠠᠵᠤ ᠪᠠᠢ᠌ᠳᠠᠭ ᠡᠵᠢ ᠶᠢᠨ ᠪᠠᠷ᠎ᠠ ᠣᠳᠤ ᠪᠣᠯᠳᠠᠯ᠎ᠠ ᠰᠡᠳᠭᠢᠯ ᠳᠤ ᠬᠠᠷᠠᠭᠳᠠᠳᠠᠭ᠃ ᠨᠠᠷᠢᠮᠤ ᠶᠢᠨ ᠳᠠᠷᠢᠶ᠎ᠠ ᠭᠡᠳᠥᠢᠪᠠᠷ ᠣᠷᠤᠯᠳᠤᠬᠤ ᠳᠤ ᠭᠦᠴᠢᠷ ᠲᠡᠶ ᠴᠤ ᠳᠠᠷᠠ ᠨᠢ ᠡᠵᠢ ᠳᠤ ᠶᠠᠭᠤ ᠴᠤ ᠪᠢᠰᠢ ᠭᠡᠵᠤ ᠨᠠᠳᠠ ᠰᠠᠨᠠᠭᠳᠠᠳᠠᠭ᠃ ᠡᠵᠢ ᠮᠢᠨᠢ ᠨᠢᠯᠬ᠎ᠠ ᠳᠠᠷᠢᠶ᠎ᠠ ᠪᠠ ᠡᠪᠠᠰᠤ ᠶᠢ ᠳᠤᠳᠤᠷᠬᠠᠢ ᠢᠯᠭᠠᠵᠤ ᠥᠭ᠍ᠳᠦᠭᠡᠵᠤ ᠭᠠᠷᠭᠠᠭᠰᠠᠨ ᠳᠠᠷᠢᠶ᠎ᠠ ᠨᠢ ᠭᠡᠳᠤᠨ ᠡᠳᠦᠷ ᠤᠨ ᠳᠠᠷᠠᠭ᠎ᠠ ᠵᠢᠭ᠍ᠳᠡ ᠰᠠᠢ᠌ᠬᠠᠨ ᠬᠠᠷᠠᠭᠳᠠᠵᠤ᠂ ᠳᠠᠷᠢᠶᠠᠨ ᠴᠢᠭᠢᠨ ᠤ ᠭᠢᠨᠢ ᠵᠠᠢ ᠨᠢ ᠳᠡᠩᠴᠡᠭᠦᠤ ᠪᠠᠷ ᠪᠠᠷᠠᠬᠤ ᠦᠭᠡᠶ ᠪᠣᠵᠠᠷ ᠡᠪᠠᠰᠤ ᠭᠡᠵᠤ ᠶᠠᠭ ᠬᠠᠷᠠᠭᠳᠠᠬᠤ ᠦᠭᠡᠶ ᠪᠣᠯᠳᠠᠭ᠃
ᠨᠠᠷᠠ ᠳᠦᠭᠡᠨᠡᠭ᠍ᠰᠡᠨ ᠳᠡᠭ᠍ᠷᠢ ᠭᠠᠩᠳᠠᠬᠤ ᠳᠤᠳᠤᠮ ᠡᠵᠢ ᠮᠢᠨᠢ ᠭᠦᠯᠦᠰᠤ ᠪᠠᠨ ᠣᠷᠤᠰᠬᠠᠨ ᠨᠠᠷᠢᠮᠤ ᠪᠠᠨ ᠠᠷᠴᠢᠳᠠᠭ ᠢ ᠨᠢ ᠬᠠᠷᠠᠭᠠᠤᠨ ᠪᠢ ᠡᠵᠢ ᠪᠠᠨ ᠬᠠᠢ᠌ᠷᠠᠯᠠᠳᠠᠭ ᠮᠦᠷᠳᠡᠭᠡᠨ ᠡᠵᠢ ᠳᠡᠭᠡᠨ ᠠᠭᠤᠷᠯᠠᠵᠤ ᠄ 《ᠡᠪᠠᠰᠤ ᠦᠭᠡᠶ ᠳᠠᠷᠢᠶ᠎ᠠ ᠪᠠᠨ ᠶᠠᠭᠤ ᠶᠢ ᠨᠢ ᠠᠷᠴᠢᠭᠠᠤᠨ ᠪᠠᠢ᠌ᠬᠤ ᠪᠣᠢ》 ᠭᠡᠳᠡᠭ᠌ ᠪᠠᠢ᠌ᠭᠰᠠᠨ᠃ ᠡᠨᠡ ᠳᠤᠬᠠᠢ ᠰᠡᠭᠦᠯᠡᠷ ᠨᠢ 《ᠠᠷᠴᠢᠭᠤᠷ ᠤᠨ ᠥᠵᠦᠭᠦᠷ ᠲᠤ ᠣᠰᠤ ᠲᠡᠶ》 ᠭᠡᠳᠡᠭ᠌ ᠶᠤᠰᠤ ᠶᠢ ᠡᠵᠢ ᠡᠴᠡ ᠪᠠᠨ ᠰᠤᠨᠤᠰᠤᠭᠰᠠᠨ᠃ ᠣᠤᠯ ᠨᠢ ᠬᠠᠰᠢᠷ ᠳᠠᠷᠢᠶᠠᠴᠢᠳ ᠳᠡᠭ᠍ᠷᠢ ᠭᠠᠩᠳᠠᠬᠤ ᠳᠤᠳᠤᠮ ᠳᠠᠷᠢᠶ᠎ᠠ ᠪᠠᠨ ᠠᠷᠴᠢᠳᠠᠭ ᠨᠢ ᠡᠢ᠌ᠮᠤ ᠶᠤᠰᠤᠳᠠᠢ ᠪᠠᠢ᠌ᠵᠠᠢ᠃ ᠥᠨᠡᠭᠡᠷ ᠡᠵᠢ ᠶᠢᠨ ᠠᠷᠠᠴᠢᠯᠠᠭᠰᠠᠨ ᠨᠠᠷᠢᠮᠤ ᠶᠢᠨ ᠳᠠᠷᠢᠶ᠎ᠠ ᠬᠤᠯᠠ ᠡᠴᠡ ᠣᠠᠴᠤᠭᠤᠢ ᠨᠤᠭᠤᠭᠠᠷᠠᠵᠤ ᠬᠠᠷᠠᠭᠳᠠᠳᠠᠭ ᠪᠠᠷ ᠪᠠᠷᠠᠬᠤ ᠦᠭᠡᠶ ᠣᠷᠳᠤ ᠳᠡᠭᠡᠷ᠎ᠡ ᠪᠠᠨ ᠳᠤᠮᠤ ᠳᠤᠮᠤ ᠰᠢᠷᠭᠠᠯ ᠳᠦᠷᠦᠭᠦᠤ ᠪᠦᠭᠡᠯᠵᠢᠳᠡᠭ᠌ ᠶᠤᠮ᠃ ᠡᠵᠢ ᠶᠢᠨ ᠮᠢᠨᠢ ᠠᠷᠢᠭᠤᠨ ᠭᠦᠯᠦᠰᠤ ᠰᠢᠩᠭᠡᠭᠡᠳ ᠯᠠ ᠡᠢ᠌ᠮᠤ ᠰᠠᠢ᠌ᠬᠠᠨ ᠣᠷᠭᠤᠭᠰᠠᠨ ᠪᠠᠢ᠌ᠬᠤ ᠭᠡᠵᠤ ᠪᠣᠳᠤᠬᠤ ᠪᠠᠷ ᠯᠠ ᠪᠢ᠂ ᠴᠠᠭᠠᠨ ᠡᠭᠦᠯᠡᠰ ᠠᠶᠠᠷᠬᠠᠨ ᠭᠦᠪᠪᠦᠭ᠍ᠰᠡᠨ ᠴᠡᠩᠭᠡᠷ ᠳᠡᠭ᠍ᠷᠢ ᠶᠢᠨ ᠳᠤᠤᠷ᠎ᠠ ᠴᠡᠯᠭᠡᠷᠡᠵᠤ ᠬᠠᠷᠠᠭᠳᠠᠬᠤ ᠨᠠᠷᠢᠮᠤ ᠶᠢᠨ ᠳᠠᠷᠢᠶ᠎ᠠ ᠪᠠᠨ ᠬᠠᠷᠠᠬᠤ ᠳᠤᠷ᠎ᠠ ᠲᠡᠶ ᠪᠠᠢ᠌ᠳᠠᠭ᠂ ᠳᠡᠷᠡᠭᠦ ᠠᠭᠢ ᠳᠠᠭᠠᠨ᠎ᠠ ᠥᠨᠦᠷᠳᠡᠭ᠍ᠰᠡᠨ ᠭᠦᠳᠡᠭᠡ ᠭᠡᠭᠡᠷ᠎ᠡ ᠶᠢᠨ ᠵᠢᠪᠠᠷ ᠲᠤ ᠰᠢᠷᠭᠠᠯ ᠳᠡᠷᠢᠭᠦᠨ ᠶᠢᠠᠨ ᠦᠯᠦ ᠮᠡᠳᠡᠭ᠌ ᠨᠠᠢ᠌ᠭᠤᠭᠤᠯᠤᠨ ᠨᠠᠪᠴᠢ ᠨᠠᠪᠴᠢ ᠪᠠᠨ ᠱᠦᠷᠭᠦᠭᠡᠯᠴᠡᠭᠦ ᠳᠤᠳᠤᠨᠤᠬᠠᠨ ᠴᠢᠮᠡᠭᠡ ᠶᠢ ᠨᠢ ᠪᠢ ᠰᠤᠨᠤᠰᠬᠤ ᠳᠤᠷ᠎ᠠ ᠲᠡᠶ ᠪᠠᠢ᠌ᠳᠠᠭ ᠡ᠃ ᠭᠦᠳᠡᠭᠡ ᠳᠡᠭᠡᠨ ᠪᠠᠢ᠌ᠭᠰᠠᠨ ᠳᠠᠷᠠ ᠴᠠᠭ ᠮᠢᠨᠢ ᠨᠠᠳᠠ ᠶᠠᠭ ᠵᠢᠷᠭᠠᠯ ᠤᠨ ᠣᠷᠤᠨ ᠳᠤ ᠠᠮᠢᠳᠤᠷᠠᠵᠤ ᠪᠠᠢ᠌ᠭᠰᠠᠨ ᠰᠢᠭ᠌ ᠰᠠᠨᠠᠭᠳᠠᠬᠤ ᠶᠢ ᠶᠠᠭᠠᠭᠢᠨ᠎ᠠ᠃
ᠪᠢ ᠠᠢ᠌ᠯ ᠤᠨ ᠠᠬ᠎ᠠ ᠲᠡᠶ ᠬᠠᠮᠳᠤ ᠣᠯᠠᠨ ᠣᠳᠠᠭ᠎ᠠ ᠳᠠᠷᠢᠶ᠎ᠠ ᠳᠠᠩᠨᠠᠭᠰᠠᠨ ᠶᠤᠮ᠃ ᠪᠢ ᠳᠠᠷᠢᠶᠠᠨ ᠴᠢᠭᠢ ᠶᠢ ᠳᠠᠷᠤᠬᠤ ᠡᠴᠡ ᠠᠶᠤᠵᠤ ᠠᠠᠵᠢᠰᠤ ᠪᠠᠷᠢᠳᠠᠭ ᠦᠭᠡᠶ᠂ ᠦᠨᠡᠨ ᠳᠡᠭᠡᠨ ᠪᠠᠷᠢᠵᠤ ᠴᠢᠳᠠᠬᠤ ᠦᠭᠡᠶ᠃ ᠠᠢ᠌ᠯ ᠤᠨ ᠠᠬ᠎ᠠ ᠳᠤ ᠨᠡᠷᠡᠰᠡᠭᠯᠡᠭᠡᠳ ᠯᠠ ᠳᠡᠭᠡᠵᠤ ᠭᠡᠯᠡᠳᠡᠭ᠌ ᠪᠠᠢ᠌ᠭᠰᠠᠨ᠃ ᠳᠡᠭᠡᠭᠦ ᠪᠠᠷ ᠨᠢ ᠠᠢ᠌ᠯ ᠤᠨ ᠠᠬ᠎ᠠ ᠴᠤ ᠵᠤᠮᠤᠯᠵᠠᠵᠤ ᠠᠪᠣᠭᠠᠤᠨ 《ᠳᠡᠭᠡᠪᠠᠯ ᠪᠢ ᠠᠠᠵᠢᠰᠤ ᠪᠠᠷᠢᠶ᠎ᠠ ᠳ᠋ᠠ᠂ ᠴᠢ ᠮᠤᠷᠢ ᠪᠠᠨ ᠰᠠᠢ᠌ᠬᠠᠨ ᠭᠦᠳᠦᠯ᠂ ᠵᠤᠷᠬ᠎ᠠ ᠰᠤᠯᠢᠭᠤᠯᠵᠤ ᠪᠣᠯᠬᠤ ᠦᠭᠡᠶ ᠰᠢᠤ》 ᠭᠡᠳᠡᠭ᠌᠃ ᠳᠡᠭᠡᠭᠡᠳ ᠯᠠ ᠪᠢ ᠦᠷᠭᠦᠯᠵᠢ ᠣᠨᠤᠭ᠎ᠠ ᠶᠢ ᠨᠢ ᠭᠦᠳᠦᠯᠵᠤ ᠠᠢ᠌ᠯ ᠤᠨ ᠠᠬ᠎ᠠ ᠠᠠᠵᠢᠰᠤ ᠪᠠᠷᠢᠳᠠᠭ᠃ ᠵᠠᠷᠢᠮ ᠳᠠᠭᠠᠨ ᠪᠣᠯᠵᠤᠮᠤᠷ ᠦᠷᠭᠦᠭᠡᠨ᠎ᠡ ᠭᠡᠵᠤ ᠪᠣᠰᠬᠠᠭᠰᠠᠨ ᠮᠠᠨᠤᠤᠯ ᠨᠢ ᠰᠠᠯᠭᠢᠨ ᠳᠤ ᠳᠡᠷᠪᠠᠯᠵᠡᠭᠦ ᠪᠠᠷ ᠨᠢ ᠣᠨᠤᠭ᠎ᠠ ᠮᠠᠨᠢ ᠰᠤᠴᠢᠵᠤ᠂ ᠪᠢ ᠴᠤ ᠠᠶᠤᠳᠠᠭ ᠪᠠᠢ᠌ᠭᠰᠠᠨ᠃ ᠡ᠊ᠨᠳᠡ ᠭᠦᠷᠳᠡᠯ᠎ᠡ ᠪᠢᠴᠢᠭᠡᠳ ᠪᠢ ᠨᠢᠭᠡ ᠥᠯᠢᠭᠡᠷ ᠶᠢᠡᠨ ᠭᠡᠨᠡᠳᠲᠡ ᠪᠣᠳᠤᠭᠠᠤᠨ ᠣᠯᠴᠢᠬᠠᠯ᠎ᠠ᠃ ᠢᠨᠢᠶᠠᠳᠤ ᠪᠠᠨ ᠳᠠᠷᠤᠵᠤ ᠪᠠᠢ᠌ᠭᠠᠤᠨ ᠯᠠ ᠪᠢᠴᠢᠭᠦ ᠯᠠ ᠭᠡᠷᠡᠭ᠌ ᠁ ᠳᠠᠷᠠ ᠵᠢᠯ ᠬᠤᠷ᠎ᠠ ᠰᠠᠢ᠌ᠳᠠᠢ ᠳᠤᠯᠠ ᠨᠠᠷᠢᠮᠤ ᠴᠤ ᠰᠠᠢ᠌ᠨ ᠣᠷᠭᠤᠵᠠᠢ᠂ ᠠᠢ᠌ᠯ ᠤᠨ ᠠᠬ᠎ᠠ ᠪᠢᠳᠠ ᠬᠤᠶᠠᠭᠤᠯᠠ ᠨᠠᠷᠢᠮᠤ ᠪᠠᠨ ᠳᠠᠩᠨᠠᠵᠤ ᠳᠠᠷᠢᠶᠠᠨ ᠥᠵᠦᠭᠦᠷ ᠲᠤ ᠭᠠᠷᠴᠤ ᠠᠮᠠᠷᠠᠵᠤ ᠰᠠᠭᠤᠬᠤ ᠵᠠᠭᠤᠷ᠎ᠠ ᠪᠠᠨ ᠭᠡᠳᠤᠨ ᠠᠮᠠ ᠴᠤ ᠪᠣᠯᠤᠭ ᠡᠪᠠᠰᠤ ᠵᠤᠯᠭᠠᠵᠤ ᠠᠮᠠᠷᠠᠭ ᠭᠡᠵᠤ ᠪᠢ ᠴᠤᠯᠪᠣᠭᠤᠷ ᠶᠢᠡᠨ ᠨᠢᠷᠤᠭᠤᠨ ᠳ᠋ᠤᠨᠢ ᠬᠠᠶᠠᠵᠤ ᠮᠤᠷᠢ ᠪᠠᠨ ᠳᠠᠯᠪᠢᠪᠠ᠃ ᠶᠠᠳᠠᠷᠠᠭᠰᠠᠨ ᠣᠨᠤᠭ᠎ᠠ ᠴᠢᠯ ᠨᠤᠭᠤᠭᠠᠨ ᠡᠪᠠᠰᠤᠨ ᠵᠥᠭ᠌ ᠣᠬᠤᠰᠭᠢᠨ ᠱᠤᠩᠭ᠋ᠤᠯᠠᠬᠤ ᠳᠤ ᠪᠣᠰᠬᠠᠵᠤ ᠪᠠᠢ᠌ᠭᠰᠠᠨ ᠠᠠᠵᠢᠰᠤ 《ᠲᠦᠰ》 ᠭᠢᠨ ᠤᠢ᠌ᠴᠢᠬᠤ ᠪᠠᠷ ᠨᠢ ᠮᠤᠷᠢ ᠮᠢᠨᠢ ᠦᠷᠭᠦᠯᠡ᠃ ᠠᠢ᠌ᠯ ᠤᠨ ᠠᠬ᠎ᠠ ᠪᠢᠳᠠ ᠬᠤᠶᠠᠷ ᠰᠤᠴᠢᠨ ᠪᠣᠰᠴᠤ ᠡᠷᠢᠶᠡᠨ ᠮᠠᠷᠢᠶᠠᠨ ᠪᠠᠷ ᠬᠠᠰᠭᠢᠷᠤᠨ ᠮᠤᠷᠢ ᠪᠠᠨ ᠬᠠᠰᠢᠵᠤ ᠪᠠᠷᠢᠬᠤ ᠶᠢ ᠣᠷᠤᠯᠳᠤᠭᠰᠠᠨ ᠴᠤ ᠪᠣᠯᠤᠭᠰᠠᠨ ᠦᠭᠡᠶ ᠮᠤᠷᠢ ᠲᠡᠶ ᠠᠠᠵᠢᠰᠤ ᠪᠢᠳᠠ ᠬᠤᠶᠠᠷ ᠤᠨ ᠴᠢᠭᠢᠨ ᠬᠠᠵᠠᠭᠤ ᠪᠠᠷ ᠰᠦᠷᠳᠠᠭᠢᠨ ᠳᠠᠭᠠᠷᠢᠵᠤ ᠭᠠᠷᠤᠭᠠᠤᠨ ᠰᠢᠭᠤᠳ ᠯᠠ ᠬᠣᠢ᠌ᠳᠤ ᠠᠭᠤᠯᠠ ᠶᠢᠨ ᠶᠡᠭᠡ ᠬᠠᠷᠠᠭᠠᠨ᠎ᠠ ᠵᠥᠭ᠌ ᠳᠤᠭᠤᠰᠤ ᠮᠠᠨᠠᠷᠠᠭᠤᠯᠤᠨ ᠳᠠᠪᠭᠢᠪᠠ᠃ ᠠᠢ᠌ᠯ ᠤᠨ ᠠᠬ᠎ᠠ ᠪᠢᠳᠠ ᠬᠤᠶᠠᠭᠤᠯᠠ ᠠᠮᠠ ᠡᠴᠡ ᠪᠠᠨ ᠣᠳᠤᠭ᠎ᠠ ᠭᠠᠷᠳᠠᠯ᠎ᠠ ᠨᠡᠭᠡᠭ᠍ᠰᠡᠨ ᠴᠤ ᠳᠤᠭᠤᠰᠤ ᠶᠢ ᠨᠢ ᠣᠯᠵᠤ ᠳᠠᠭᠠᠭᠰᠠᠨ ᠦᠭᠡᠶ᠂ ᠮᠤᠷᠢ ᠭᠡᠳᠡᠭ᠌ ᠠᠮᠢᠳᠠᠨ ᠥᠨᠡᠭᠡᠷ ᠵᠢᠷᠦᠭᠡ ᠪᠠᠭ᠎ᠠ ᠲᠡᠶ ᠦᠪᠡᠷ ᠤᠨ ᠴᠢᠷᠴᠤ ᠪᠠᠢ᠌ᠭ᠎ᠠ ᠠᠠᠵᠢᠰᠤ ᠪᠠᠨ ᠴᠢᠨ᠋ᠸ᠎ᠠ ᠭᠡᠵᠤ ᠰᠠᠨᠠᠵᠤ ᠪᠠᠢ᠌ᠭ᠎ᠠ ᠪᠣᠯᠤᠯᠳᠠᠢ ᠠᠮᠢ ᠳᠠᠮᠠᠴᠠᠨ ᠳᠠᠪᠭᠢᠭᠠᠤᠨ ᠪᠠᠢ᠌ᠪᠠ᠃ ᠶᠠᠭᠠᠭᠢᠭᠰᠠᠨ ᠢ ᠪᠣᠤ ᠮᠠᠳᠠ ᠪᠢ ᠶᠠᠷᠤᠨᠢ ᠭᠦᠶᠦᠭᠦ ᠵᠠᠭᠤᠷ᠎ᠠ ᠪᠠᠨ ᠢᠨᠢᠶᠠᠳᠤ ᠭᠦᠷᠦᠭᠡᠳ ᠪᠠᠢ᠌ᠯ᠎ᠠ᠃
᠊᠊᠊᠊᠊᠊᠊᠊᠊᠊᠊᠊᠊᠊᠊ ᠮᠤᠷᠢ ᠵᠥᠭᠡᠷ ᠪᠢᠵᠠ ︖ ᠭᠡᠵᠤ ᠪᠢ ᠠᠢ᠌ᠯ ᠤᠨ ᠠᠬ᠎ᠠ ᠡᠴᠡ ᠮᠡᠩᠳᠡᠭᠦᠷᠡᠨ ᠠᠰᠠᠭᠤᠨ᠎ᠠ᠃
᠊᠊᠊᠊᠊᠊᠊᠊᠊᠊᠊᠊᠊᠊᠊ ᠵᠥᠭᠡᠷ ᠪᠠ᠂ ᠡᠨᠡ ᠮᠠᠯ ᠴᠤ ᠪᠣᠷᠳᠠᠵᠤ ᠮᠠᠭᠤᠳᠠᠬᠤ ᠡᠴᠡ ᠨᠠᠰᠢ ᠵᠤᠭᠰᠤᠬᠤ ᠦᠭᠡᠶ ᠪᠠᠢ᠌ᠬᠤ ᠳ᠋ᠠ ᠭᠡᠵᠤ ᠠᠢ᠌ᠯ ᠤᠨ ᠠᠬ᠎ᠠ ᠣᠭᠢᠯᠠᠩᠳᠠᠨ ᠬᠠᠷᠢᠭᠤᠯᠤᠨ᠎ᠠ᠃ ᠬᠤᠶᠠᠭᠤᠯᠠ ᠶᠠᠭᠤ ᠪᠣᠯᠤᠭᠰᠠᠨ ᠴᠤ ᠠᠠᠵᠢᠰᠤᠨ ᠮᠦᠷ ᠶᠢᠡᠷ ᠡᠷᠢᠵᠤ ᠪᠠᠢ᠌ᠭᠠᠤᠨ ᠨᠢᠭᠡ ᠯᠠ ᠠᠳᠬᠤ ᠪᠣᠯᠵᠤ ᠴᠠᠴᠠᠷᠠᠨ ᠵᠤᠭᠰᠤᠭ᠎ᠠ ᠮᠤᠷᠢ ᠪᠠᠨ ᠣᠯᠵᠤ ᠠᠪᠣᠯ᠎ᠠ᠃ ᠳᠤᠮᠤ ᠭᠡᠭ᠍ᠴᠢ ᠶᠢᠨ ᠬᠠᠷᠠᠭᠠᠨ᠎ᠠ ᠶᠢᠨ ᠪᠣᠳᠠᠨ ᠡᠴᠡ ᠠᠠᠵᠢᠰᠤ ᠪᠠᠨ ᠰᠠᠯᠭᠠᠵᠤ ᠠᠪᠣᠯ᠎ᠠ᠃ ᠵᠤᠯ ᠶᠢᠠᠷ ᠮᠤᠷᠢ ᠮᠠᠨᠢ ᠰᠢᠷᠬ᠎ᠠ ᠣᠯᠤᠭ᠎ᠠ ᠦᠭᠡᠶ᠃ ᠠᠢ᠌ᠯ ᠤᠨ ᠠᠬ᠎ᠠ ᠶᠢᠨ ᠰᠡᠳᠭᠢᠯ ᠪᠠᠬᠠᠨ ᠳᠠᠯᠪᠢᠭᠤᠷᠠᠭᠰᠠᠨ ᠪᠠᠢ᠌ᠳᠠᠯ ᠲᠡᠶ ᠮᠤᠷᠢᠨ ᠤ ᠳᠡᠷᠢᠭᠦᠨ ᠡᠴᠡ ᠡᠭᠢᠯᠡᠨ ᠭᠦᠯᠦᠷᠡᠭ᠍ᠰᠡᠨ ᠪᠠᠶ᠎ᠠ ᠶᠢ ᠨᠢ ᠵᠥᠭᠡᠯᠡᠨ ᠢᠯᠪᠢᠭ᠍ᠰᠡᠨ ᠶᠢᠡᠨ ᠨᠠᠳᠠ ᠶᠢ ᠬᠠᠷᠠᠭᠠᠤᠨ᠄
᠊᠊᠊᠊᠊᠊᠊᠊᠊᠊᠊᠊᠊᠊᠊ ᠠᠠᠵᠢᠰᠤ ᠲᠡᠶ ᠮᠤᠷᠢ ᠪᠠᠨ ᠠᠯᠳᠠᠵᠤ ᠶᠠᠪᠣᠭᠤᠯᠤᠭᠰᠠᠨ ᠰᠢᠪᠰᠢᠭ᠌ ᠲᠡᠶ ᠣᠴᠢᠷ ᠶᠢᠡᠨ ᠬᠠᠷᠢᠭᠠᠤᠨ ᠪᠣᠤ ᠭᠡᠯᠡ ᠳ᠋ᠠ ᠭᠡᠪᠡ᠃ ᠪᠢ ᠦᠪᠡᠷ ᠤᠨ ᠡᠷᠭᠡ ᠦᠭᠡᠶ ᠫᠦᠰ ᠭᠡᠳᠡᠯ᠎ᠡ ᠢᠨᠢᠶᠡᠴᠢᠭᠡᠯ᠎ᠡ᠃ ᠠᠢ᠌ᠯ ᠤᠨ ᠠᠬ᠎ᠠ ᠮᠢᠨᠤ ᠪᠦᠭ᠍ᠰᠡ ᠶᠢ ᠨᠢᠭᠡ ᠢᠰᠭᠦᠯᠦᠭ᠍ᠰᠡᠨ ᠶᠢᠡᠨ ᠦᠪᠡᠷ ᠶᠢᠡᠨ ᠪᠠᠰᠠ ᠢᠨᠢᠶᠡᠴᠢᠭᠡᠳ᠄
᠊᠊᠊᠊᠊᠊᠊᠊᠊᠊᠊᠊᠊᠊᠊ ᠪᠦᠷ ᠴᠢᠨᠤ ᠣᠷᠰᠢᠭ᠂ ᠠᠠᠵᠢᠰᠤ ᠲᠡᠶ ᠮᠤᠷᠢᠨ ᠤ ᠴᠤᠯᠪᠣᠭᠤᠷ ᠢ ᠳᠠᠯᠪᠢᠨ᠎ᠠ ᠭᠡᠳᠡᠭ᠌ ᠴᠢᠨᠢ᠂ ᠡᠯᠵᠢᠭᠡ ᠭᠡᠵᠤ ᠰᠠᠨᠠᠪᠠ ᠦᠦ ︖ ᠠᠢ᠌ᠯ ᠣᠷᠤᠭᠤ ᠳᠠᠪᠭᠢᠵᠤ ᠭᠦᠮᠤᠨ ᠬᠠᠷ᠎ᠠ ᠶᠢ ᠳᠠᠭᠠᠷᠢᠭᠰᠠᠨ ᠪᠣᠯ ᠶᠠᠭᠠᠭᠢᠨ᠎ᠠ ︖ ᠢᠴᠢᠭᠦ ᠴᠤ ᠦᠭᠡᠶ ᠪᠠᠰᠠ ᠢᠨᠢᠶᠡᠴᠢᠭᠡᠵᠡᠢ ᠭᠡᠳ ᠠᠠᠵᠢᠰᠤ ᠪᠠᠨ ᠨᠢᠭᠡ ᠮᠦᠷ ᠰᠢᠡᠵᠢᠭ᠍ᠰᠡᠨ ᠵᠢᠠᠨ᠄
᠊᠊᠊᠊᠊᠊᠊᠊᠊᠊᠊᠊᠊᠊᠊ ᠵᠤᠯ ᠲᠡᠶ ᠳᠠᠮᠤᠷ ᠠᠠᠵᠢᠰᠤ ᠳᠠᠭᠠᠨ ᠪᠣᠯᠵᠠᠢ ᠭᠦᠢ᠂ ᠪᠠᠯᠳᠠᠨ ᠠᠪᠣ ᠶᠢᠨ ᠰᠢᠭᠠᠭᠰᠠᠨ ᠮᠤᠳᠤᠨ ᠠᠠᠵᠢᠰᠤ ᠪᠣᠯᠤᠭᠰᠠᠨ ᠪᠣᠯ ᠶᠢᠰᠤᠨ ᠵᠥᠭ᠌ ᠲᠡᠭᠡᠨ ᠰᠠᠯᠵᠤ ᠳᠠᠯ᠎ᠠ ᠳᠦᠭᠦᠷᠡᠩ ᠰᠠᠴᠤᠭᠳᠠᠭᠰᠠᠨ ᠪᠠᠢ᠌ᠬᠤ ᠁
᠊᠊᠊᠊᠊᠊᠊᠊᠊᠊᠊᠊᠊᠊᠊ ᠬᠨ ᠬᠨ ᠁
᠊᠊᠊᠊᠊᠊᠊᠊᠊᠊᠊᠊᠊᠊᠊ ᠬᠨ ᠬᠨ ᠁ ᠪᠢᠳᠠ ᠬᠤᠶᠠᠭᠤᠯᠠ ᠪᠠᠨ ᠳᠡᠰᠭᠡᠯ ᠦᠭᠡᠶ ᠢᠨᠢᠶᠠᠪᠠ᠃ ᠶᠠᠭᠤᠨ ᠳᠤ ᠢᠨᠢᠶᠠᠵᠤ ᠪᠠᠢ᠌ᠬᠤ ᠪᠠᠨ ᠭᠡᠨ ᠴᠤ ᠮᠡᠳᠡᠭᠦ ᠦᠭᠡᠶ᠃ ᠪᠢ ᠮᠤᠷᠢ ᠪᠠᠨ ᠭᠦᠳᠦᠯᠵᠤ ᠠᠢ᠌ᠯ ᠤᠨ ᠠᠬ᠎ᠠ ᠠᠠᠵᠢᠰᠤ ᠪᠠᠨ ᠡᠭᠦᠷᠴᠤ ᠢᠨᠢᠶᠡᠭ᠍ᠰᠡᠭᠡᠷ ᠳᠠᠷᠢᠶᠠᠨ ᠥᠵᠦᠭᠦᠷ ᠶᠢᠡᠨ ᠢᠷᠡᠭ᠍ᠰᠡᠨ ᠶᠤᠮ᠃ ᠡᠨᠡ ᠣᠴᠠᠷ ᠶᠢᠡᠨ ᠬᠤᠯᠠ ᠰᠡᠭᠦᠯ ᠳ᠋ᠤᠨᠢ ᠡᠵᠢ ᠳᠤ ᠭᠡᠯᠡᠭᠦ ᠳᠤ ᠡᠵᠢ ᠨᠠᠳᠠ ᠶᠢ ᠴᠢᠩᠭ᠋᠎ᠠ ᠵᠢᠮᠠᠯᠠᠵᠤ ᠄ 《ᠪᠣᠰᠤᠳ ᠤᠨ ᠣᠨᠤᠭ᠎ᠠ ᠶᠢ ᠳᠡᠭᠡᠵᠤ ᠵᠠᠷᠤᠳᠠᠭ ᠶᠤᠮ ᠦᠦ ︖》 ᠭᠡᠰᠡᠨ ᠶᠤᠮ᠃ ᠳᠡᠭᠦᠨ ᠡᠴᠡ ᠠᠪᠣᠭᠠᠤᠨ ᠪᠢ ᠮᠤᠷᠢ ᠡᠴᠡ ᠶᠡᠭᠡ ᠭᠢᠴᠢᠶᠡᠭᠦ ᠪᠣᠯᠤᠭᠰᠠᠨ ᠶᠤᠮ᠃
ᠡᠵᠢ ᠮᠢᠨᠢ ᠳᠠᠷᠢᠶ᠎ᠠ ᠬᠠᠳᠤᠬᠤ ᠳᠠᠭᠠᠨ ᠮᠠᠰᠢ ᠬᠤᠷᠳᠤᠨ ᠪᠠᠢ᠌ᠳᠠᠭ᠃ ᠳᠦᠷᠪᠠᠨ ᠵᠤᠷᠬ᠎ᠠ ᠪᠠᠷ ᠭᠤᠤᠯ ᠴᠤᠭᠤᠯᠵᠤ ᠪᠣᠭᠤᠵᠢ ᠮᠤᠰᠭᠢᠭᠠᠤᠨ ᠬᠤᠶᠠᠷᠬᠠᠨ ᠵᠤᠷᠬ᠎ᠠ ᠪᠠᠷ ᠳᠠᠭᠠᠵᠤ ᠶᠠᠪᠣᠳᠠᠭ ᠡᠭᠡᠴᠢ ᠪᠢᠳᠠ ᠬᠤᠶᠠᠷ ᠢ ᠬᠤᠯᠠ ᠬᠠᠶᠠᠵᠤ ᠥᠵᠦᠭᠦᠷ ᠭᠠᠷᠤᠭᠠᠤᠨ ᠡᠷᠭᠢᠭᠡᠳ ᠮᠠᠨ ᠢ ᠬᠠᠪᠰᠤᠷᠴᠤ ᠪᠠᠢ᠌ᠳᠠᠭ᠃ ᠡᠵᠢ ᠮᠢᠨᠢ ᠡᠪᠦᠯ ᠤᠨ ᠶᠢᠰᠤ ᠳᠤ ᠦᠷ ᠤᠨ ᠭᠡᠭᠡ ᠪᠠᠷ ᠨᠠᠷᠢᠮᠤ ᠪᠠᠨ ᠢᠩᠳᠡᠳᠡᠭ᠌ ᠶᠤᠮ᠃ ᠳᠡᠭᠡᠪᠠᠯ ᠪᠣᠳᠠᠭ᠎ᠠ ᠭᠡᠮᠭᠡᠷᠡᠭᠦ ᠨᠢ ᠪᠠᠭ᠎ᠠ ᠭᠡᠵᠤ ᠶᠠᠷᠢᠳᠠᠭ᠃ ᠰᠢᠷᠭᠠᠯ ᠰᠠᠢ᠌ᠬᠠᠨ ᠨᠠᠷᠢᠮᠤ ᠪᠠᠷ ᠪᠣᠳᠠᠭ᠎ᠠ ᠱᠥᠭᠦᠭᠦ ᠳᠤ ᠳᠤᠰᠤᠯᠢᠭ ᠵᠥᠭᠡᠯᠡᠨ ᠠᠮᠳᠠᠳᠠᠢ ᠮᠦᠷᠳᠡᠭᠡᠨ ᠪᠣᠳᠠᠭᠠᠨ ᠰᠦᠮᠤᠰᠤ ᠶᠢᠨ ᠭᠢᠨ ᠳᠡᠭᠡᠭᠦᠷ ᠰᠠᠪᠬᠠᠨ ᠭᠢᠷᠢ ᠶᠢᠨ ᠵᠤᠵᠠᠭᠠᠨ ᠦᠷᠤᠮ᠎ᠠ ᠰᠠᠭᠤᠳᠠᠭ᠃ ᠨᠠᠷᠢᠮᠤ ᠶᠢᠨ ᠪᠣᠳᠠᠭᠠᠨ ᠤ ᠬᠤᠰᠤᠮ ᠭᠡᠵᠤ ᠨᠠᠩ ᠠᠮᠳᠠᠳᠠᠢ᠂ ᠭᠡᠪᠠᠴᠤ 《ᠬᠤᠰᠤᠮ ᠢᠳᠠᠪᠠᠯ ᠬᠤᠵᠢᠭᠢᠷ ᠪᠠᠷᠢ ᠳᠠᠭᠠᠷᠠᠨ᠎ᠠ》 ᠭᠡᠵᠤ ᠬᠤᠶᠠᠳᠤᠭᠠᠷ ᠡᠭᠡᠴᠢ ᠨᠠᠳᠠ ᠶᠢ ᠦᠷᠭᠦᠯᠵᠢ ᠠᠶᠤᠯᠭᠠᠳᠠᠭ ᠡᠴᠡ ᠬᠤᠪᠳᠤᠭ ᠭᠦᠷᠴᠤ ᠪᠠᠢ᠌ᠭᠰᠠᠨ ᠴᠤ ᠪᠢ ᠬᠤᠰᠤᠮ ᠢ ᠢᠳᠠᠵᠤ ᠴᠢᠳᠠᠬᠤ ᠦᠭᠡᠶ᠂ ᠵᠥᠪᠭᠡᠨ ᠬᠤᠶᠠᠳᠤᠭᠠᠷ ᠡᠭᠡᠴᠢ ᠶᠢᠨ ᠰᠠᠢ᠌ᠬᠠᠨ ᠦᠨᠦᠷ ᠭᠠᠷᠭᠠᠭᠠᠵᠤ ᠬᠠᠷᠴᠢᠭᠢᠨᠠᠳᠠᠯᠠ ᠵᠠᠵᠢᠯᠠᠬᠤ ᠳᠠᠭᠤ ᠶᠢ ᠨᠢ ᠰᠢᠯᠤᠰᠤ ᠪᠠᠨ ᠵᠠᠯᠭᠢᠨ ᠴᠢᠩᠨᠠᠳᠠᠭ ᠪᠢᠯᠠ᠃ ᠣᠳᠤ ᠪᠣᠳᠤᠬᠤ ᠳᠤ ᠡᠭᠡᠴᠢ ᠮᠢᠨᠢ ᠬᠤᠵᠢᠭᠢᠷ ᠭᠦᠷᠭᠡᠨ ᠳᠤ ᠮᠤᠷᠳᠠᠬᠤ ᠡᠴᠡ ᠠᠶᠤᠳᠠᠭ ᠦᠭᠡᠶ ᠪᠠᠢ᠌ᠭᠰᠠᠨ ᠪᠠᠢ᠌ᠬᠤ ᠳ᠋ᠠ᠃
ᠰᠤᠷᠭᠠᠭᠤᠯᠢ ᠳᠤ ᠪᠠᠢ᠌ᠬᠤ ᠳᠤ ᠡᠵᠢ ᠮᠢᠨᠢ ᠨᠠᠷᠢᠮᠤ ᠪᠠᠨ ᠨᠢ᠋ᠮᠠᠨ ᠬᠤᠪᠢ ᠴᠢᠨᠠᠭᠰᠠᠨ ᠤ ᠳᠠᠷᠠᠭ᠎ᠠ ᠱᠥᠭᠦᠵᠤ ᠠᠪᠣᠭᠠᠤᠨ ᠬᠠᠯᠠᠭᠤᠨ ᠳᠤᠭᠤᠭᠠᠨ ᠳᠤ ᠬᠠᠳᠠᠳᠠᠯ᠎ᠠ ᠬᠠᠭᠤᠷᠴᠤ ᠮᠠᠨ ᠳᠤ ᠬᠠᠭᠤᠷᠠᠢ ᠭᠦᠨᠡᠰᠤ ᠪᠡᠯᠡᠳᠭᠡᠵᠤ ᠥᠭ᠍ᠳᠡᠭ᠌᠃ ᠵᠤᠭᠤᠰ ᠶᠢᠡᠨ ᠠᠷᠪᠢᠯᠠᠵᠤ ᠴᠠᠭ ᠤᠨ ᠬᠤᠭᠤᠯᠠ ᠪᠣᠯᠭᠠᠵᠤ ᠪᠠᠢ᠌ᠭᠰᠠᠨ ᠨᠠᠷᠢᠮᠤ ᠶᠢᠨ ᠬᠠᠭᠤᠷᠤᠭᠰᠠᠨ ᠪᠣᠳᠠᠭ᠎ᠠ ᠭᠡᠭ᠍ᠴᠢ ᠮᠤᠩᠭ᠋ᠤᠯ ᠬᠠᠭᠤᠷᠤᠭᠰᠠᠨ ᠪᠣᠳᠠᠭ᠎ᠠ ᠡᠴᠡ ᠴᠤ ᠳᠤᠤᠷ᠎ᠠ ᠦᠭᠡᠶ ᠠᠮᠳᠠ ᠲᠡᠶ ᠪᠠᠢ᠌ᠳᠠᠭ ᠶᠤᠮ᠃
ᠡᠵᠢ ᠮᠢᠨᠢ ᠠᠵᠢᠯᠴᠢ ᠭᠦᠮᠤᠨ᠂ ᠶᠠᠭᠤ ᠪᠦᠭᠦᠨ ᠳᠤ ᠦᠪᠡᠷ ᠤᠨ ᠴᠢᠳᠠᠯ ᠶᠢᠡᠨ ᠳᠦᠰᠢᠭᠦ ᠶᠢ ᠮᠠᠨ ᠳᠤ ᠣᠠᠴᠠᠯᠠᠨ ᠰᠤᠷᠭᠠᠳᠠᠭ᠃ ᠪᠢ ᠡᠵᠢ ᠡᠴᠡ ᠪᠠᠨ ᠠᠵᠢᠯᠴᠢ ᠵᠠᠩ ᠢ ᠨᠢ ᠰᠤᠷᠤᠭᠰᠠᠨ᠂ ᠶᠠᠷᠤᠨᠢ ᠪᠢ ᠠᠵᠢᠯ ᠢ ᠰᠠᠢ᠌ᠨ ᠮᠠᠭᠤ ᠭᠡᠵᠤ ᠭᠤᠯᠤᠬᠤ ᠦᠭᠡᠶ ᠭᠢᠳᠡᠭ᠌᠃ ᠠᠢ᠌ᠯ ᠠᠮᠢᠳᠤᠷᠠᠯ ᠪᠣᠰᠬᠠᠵᠤ ᠬᠠᠶᠠ ᠠᠵᠢᠯ ᠭᠤᠯᠤᠬᠤ ᠰᠠᠨᠠᠭ᠎ᠠ ᠴᠤᠬᠣᠢ᠌ᠳᠠᠭ ᠴᠤ ᠡᠨᠡ ᠰᠠᠨᠠᠭ᠎ᠠ ᠪᠠᠨ ᠳᠤᠤᠷ᠎ᠠ ᠪᠠᠨ ᠳᠠᠶᠠᠭᠳᠠᠬᠤ ᠪᠠᠷ ᠪᠠᠷᠠᠬᠤ ᠦᠭᠡᠶ 《ᠪᠢ ᠡᠵᠢ ᠲᠡᠭᠡᠨ ᠣᠰᠤᠯᠳᠤᠵᠤ ᠪᠠᠢ᠌ᠭ᠎ᠠ ᠪᠣᠯ ᠦᠦ ︖》 ᠭᠡᠵᠤ ᠦᠪᠡᠷ ᠢ ᠪᠠᠨ ᠵᠢᠮᠡᠯᠡᠳᠡᠭ᠌ ᠶᠤᠮ᠃ ᠪᠢ ᠰᠤᠷᠭᠠᠭᠤᠯᠢ ᠳᠡᠭᠦᠰᠴᠤ ᠠᠵᠢᠯ ᠳᠤ ᠭᠠᠷᠴᠤ ᠭᠡᠷ ᠪᠦᠯᠢ ᠪᠠᠢ᠌ᠭᠤᠯᠤᠳᠠᠯᠠ ᠶᠠᠷᠤᠨᠢ ᠡᠵᠢ ᠶᠢᠨ ᠵᠠᠭᠢᠶ᠎ᠠ ᠪᠠᠷ ᠠᠮᠢᠳᠤᠷᠠᠭᠰᠠᠨ ᠭᠡᠵᠤ ᠭᠡᠯᠡᠭᠦ ᠳᠤ ᠢᠯᠡᠭᠦᠳᠡᠭᠦ ᠭᠠᠵᠠᠷ ᠦᠭᠡᠶ᠂ ᠣᠴᠢᠷ ᠪᠣᠯᠭᠠᠨ ᠶᠢᠡᠨ ᠡᠵᠢ ᠳᠡᠭᠡᠨ ᠳᠤᠭᠠᠴᠢᠵᠤ ᠳᠡᠭᠦᠨ ᠤ ᠰᠠᠨᠠᠯ ᠢ ᠠᠪᠳᠠᠭ᠃ ᠮᠠᠯ ᠳᠠᠷᠢᠶ᠎ᠠ ᠭᠡᠳ ᠭᠡᠷ ᠤᠨ ᠠᠵᠢᠯ ᠣᠯᠠᠨ ᠪᠠᠢ᠌ᠭᠰᠠᠨ ᠴᠤ ᠡᠵᠢ ᠮᠢᠨᠢ ᠵᠠᠪᠳᠤᠬᠤ ᠶᠢᠨ ᠭᠢᠷᠢ ᠪᠠᠷ ᠣᠮᠪᠣᠯᠤ ᠪᠠᠨ ᠬᠠᠷᠠᠵᠤ ᠥᠰᠭᠡᠵᠤ ᠪᠠᠢ᠌ᠭᠰᠠᠨ ᠶᠤᠮ ᠁
ᠳᠠᠷᠠ ᠨᠠᠮᠤᠷ ᠢ ᠪᠢ ᠶᠠᠷᠤᠨᠢ ᠮᠠᠷᠳᠠᠬᠤ ᠦᠭᠡᠶ᠂ ᠡᠵᠢ ᠪᠢᠳᠠ ᠬᠤᠶᠠᠷ ᠨᠠᠷᠢᠮᠤ ᠶᠢᠨ ᠳᠠᠷᠢᠶ᠎ᠠ ᠪᠠᠨ ᠥᠵᠡᠭᠦ ᠪᠠᠷ ᠪᠠᠷᠠᠭᠤᠨ ᠳᠠᠪᠠᠭᠠᠨ ᠳᠤ ᠭᠦᠷᠦᠭ᠍ᠰᠡᠨ᠃ ᠠᠶᠠᠰ ᠤᠨ ᠰᠠᠯᠭᠢᠨ ᠳᠤ ᠦᠯᠦ ᠮᠡᠳᠡᠭ᠌ ᠨᠠᠢ᠌ᠭᠤᠭᠰᠠᠨ ᠨᠠᠷᠢᠮᠤ ᠶᠢᠨ ᠳᠠᠷᠢᠶᠠᠨ ᠡᠴᠡ ᠡᠵᠢ ᠮᠢᠨᠢ ᠳᠠᠷᠠᠭ᠎ᠠ ᠵᠢᠯ ᠭᠠᠵᠠᠷ ᠰᠤᠯᠢᠵᠤ ᠳᠠᠷᠢᠶ᠎ᠠ ᠭᠡᠵᠤ ᠨᠢᠭᠡ ᠪᠣᠭᠤᠵᠢ ᠦᠷ᠎ᠡ ᠨᠠᠷᠢᠮᠤ ᠬᠠᠳᠤᠵᠤ ᠠᠪᠣᠭᠰᠠᠨ ᠶᠤᠮ᠃ ᠡᠨᠡ ᠣᠳᠠᠭ᠎ᠠ ᠨᠢ ᠡᠵᠢ ᠶᠢᠨ ᠮᠢᠨᠢ ᠨᠢᠭᠡ ᠨᠠᠰᠤᠨ ᠳᠠᠭᠠᠨ ᠳᠠᠷᠢᠶᠠᠨ ᠳᠤ ᠠᠯᠬᠤᠭᠰᠠᠨ ᠬᠠᠮᠤᠭ ᠰᠡᠭᠦᠯᠴᠢ ᠶᠢᠨ ᠣᠳᠠᠭ᠎ᠠ ᠨᠢ ᠪᠣᠯᠤᠨ᠎ᠠ ᠭᠡᠵᠤ ᠭᠡᠨ ᠮᠡᠳᠡᠭᠦ ᠪᠢᠯᠠ ︖ ᠭᠡᠳᠤᠨ ᠡᠳᠦᠷ ᠤᠨ ᠳᠠᠷᠠᠭ᠎ᠠ ᠡᠵᠢ ᠮᠢᠨᠢ ᠭᠡᠨᠡᠳᠲᠡ ᠳᠠᠷᠢᠭᠢᠨ ᠰᠤᠳᠠᠯ ᠪᠦᠭᠯᠡᠷᠡᠭᠦ ᠡᠪᠡᠳᠴᠢᠨ ᠳᠤ ᠨᠡᠷᠪᠠᠭ᠍ᠳᠡᠵᠤ ᠡᠮᠨᠡᠯᠭᠡ ᠳᠤ ᠣᠷᠤᠵᠤ ᠭᠡᠳᠦᠢ ᠵᠠᠰᠠᠭᠤᠯᠤᠭᠰᠠᠨ ᠴᠤ ᠣᠤᠯ ᠭᠡᠪ ᠲᠡᠭᠡᠨ ᠣᠷᠤᠵᠤ ᠳᠠᠢ᠌ᠯᠦᠭᠰᠠᠨ ᠦᠭᠡᠶ᠃ ᠳᠡᠭᠦᠨ ᠡᠴᠡ ᠠᠪᠣᠭᠠᠤᠨ ᠳᠠᠯ᠎ᠠ ᠪᠠᠶ᠎ᠠ ᠨᠢ ᠮᠡᠳᠡᠭᠡ ᠦᠭᠡᠶ ᠪᠣᠯᠵᠤ ᠭᠦᠮᠤᠨ ᠤ ᠭᠠᠷ ᠲᠤ ᠣᠷᠤᠭᠰᠠᠨ ᠶᠤᠮ᠃ ᠡᠵᠢ ᠮᠢᠨᠢ ᠡᠪᠠᠦᠡᠴᠢᠯᠡᠭ᠍ᠰᠡᠨ ᠡᠴᠡ ᠪᠢ ᠠᠵᠢᠯ ᠤᠨ ᠰᠡᠯᠡᠭᠦᠤ ᠪᠠᠷ ᠭᠡᠷ ᠲᠡᠭᠡᠨ ᠬᠠᠷᠢᠵᠤ ᠳᠠᠷᠢᠶ᠎ᠠ ᠪᠠᠨ ᠣᠷᠤᠯᠳᠤᠬᠤ ᠪᠣᠯᠵᠠᠢ᠃ ᠦᠷ᠎ᠡ ᠬᠡᠦᠬᠡᠳ ᠶᠢᠡᠨ ᠳᠡᠵᠢᠭᠡᠨ᠎ᠡ ᠭᠡᠵᠤ ᠳᠠᠷᠢᠶᠠᠨ ᠵᠤᠷᠬ᠎ᠠ ᠪᠠᠷ ᠮᠥᠯᠭᠦᠵᠤ ᠪᠠᠢ᠌ᠭᠰᠠᠨ ᠭᠦᠭᠡᠷᠦᠭᠡᠢ ᠡᠵᠢ ᠶᠢᠨ ᠶᠢᠡᠨ ᠭᠦᠨ ᠬᠠᠢ᠌ᠷ᠎ᠠ ᠶᠢ ᠪᠠᠶ᠎ᠠ ᠰᠡᠳᠭᠢᠯ ᠶᠢᠡᠷ ᠮᠠᠳᠠᠷᠠᠵᠤ ᠣᠢ᠌ᠯᠭᠠᠭᠰᠠᠨ ᠡᠴᠡ ᠪᠢ ᠦᠪᠡᠷ ᠤᠨ ᠡᠷᠭᠡ ᠦᠭᠡᠶ ᠬᠠᠮᠠᠷ ᠪᠣᠷᠭᠢᠨ ᠳᠠᠷᠢᠶᠠᠨ ᠳᠤᠮᠳᠠ ᠪᠠᠨ ᠣᠯᠠᠨ ᠣᠳᠠᠭ᠎ᠠ ᠨᠢᠭᠤᠵᠤ ᠣᠭᠢᠯᠠᠭᠰᠠᠨ ᠪᠢᠯᠠ᠃ ᠪᠢ ᠶᠠᠷᠤᠨᠢ ᠡᠵᠢ ᠪᠠᠨ ᠪᠠᠶ᠎ᠠ ᠰᠠᠢ᠌ᠳᠠᠢ᠂ ᠣᠷᠳᠤ ᠨᠠᠰᠤᠯᠠᠨ᠎ᠠ ᠭᠡᠵᠤ ᠪᠣᠳᠤᠭᠠᠤᠨ ᠪᠠᠢ᠌ᠭᠰᠠᠨ ᠮᠢᠨᠢ ᠳᠠᠩᠴᠢ ᠨᠢᠯᠬᠠᠰᠠᠭ ᠪᠠᠢ᠌ᠵᠠᠢ᠃
ᠮᠢᠨᠤ ᠡᠪ ᠳᠤᠢ᠌ ᠥᠭᠡᠢ᠌ᠭᠡᠨ ᠦᠳᠦᠷᠮ᠎ᠠ ᠠᠪᠴᠤ ᠪᠠᠢ᠌ᠬᠤ ᠶᠢ ᠡᠵᠢ ᠮᠢᠨᠢ ᠵᠢᠳᠭᠦᠭᠦᠷ ᠳᠡᠷᠭᠡᠨ ᠳᠡᠭᠡᠨ ᠰᠠᠭᠤᠴᠢᠬᠠᠭᠠᠤᠨ ᠬᠠᠷᠠᠬᠤ ᠳᠤᠷ᠎ᠠ ᠲᠡᠶ ᠪᠠᠢ᠌ᠳᠠᠭ᠃ ᠡᠵᠢ ᠪᠠᠨ ᠪᠢᠳᠡᠭᠡᠢ ᠵᠤᠪᠠᠭᠠᠶ᠎ᠠ ᠭᠡᠵᠤ ᠪᠢ ᠠᠵᠢᠯ ᠪᠣᠯᠭᠠᠨ ᠢ ᠭᠢᠴᠢᠶᠡᠭ᠍ᠰᠡᠨ ᠳᠡᠭᠡᠷ᠎ᠡ ᠭᠢᠴᠢᠶᠠᠵᠤ ᠥ ᠦᠭᠡᠶ ᠰᠠᠢ᠌ᠬᠠᠨ ᠭᠢᠳᠡᠭ᠌ ᠴᠤ ᠡᠵᠢ ᠶᠢᠨ ᠰᠠᠨᠠᠭᠤᠯᠬᠤ ᠶᠠᠭᠤᠮ᠎ᠠ ᠶᠠᠷᠤᠨᠢ ᠳᠠᠰᠤᠷᠠᠬᠤ ᠦᠭᠡᠶ ᠪᠠᠢ᠌ᠳᠠᠭ᠃ ᠪᠢ ᠨᠠᠷᠢᠮᠤ ᠶᠢᠨ ᠳᠦᠷᠦᠭᠦᠤ ᠭᠢᠷᠪᠢᠵᠤ ᠪᠠᠢ᠌ᠭᠠᠤᠨ ᠰᠠᠨᠠᠭᠠᠨ ᠳᠤ ᠦᠭᠡᠶ ᠭᠠᠷ ᠶᠢᠡᠨ ᠡᠰᠭᠡᠭ᠍ᠰᠡᠨ ᠳᠤ ᠡᠵᠢ ᠮᠢᠨᠢ ᠳᠡᠰᠭᠡᠯ ᠦᠭᠡᠶ ᠨᠢᠯᠪᠣᠰᠤ ᠣᠨᠠᠭᠠᠵᠤ ᠄ 《ᠪᠢ ᠮᠠᠭᠤ ᠭᠦᠤ ᠪᠠᠨ ᠵᠤᠪᠠᠭᠠᠵᠤ ᠪᠠᠢ᠌ᠨ᠎ᠠ》 ᠭᠡᠪᠡ᠃ ᠳᠡᠷᠡᠭᠡᠨ ᠬᠤᠷᠤᠮ ᠳᠤ ᠮᠢᠨᠤ ᠵᠢᠷᠦᠭᠡ ᠨᠢᠭᠡᠯᠡ ᠡᠮᠵᠡᠩᠨᠡᠵᠤ 《ᠡᠵᠢ ᠪᠠᠨ ᠡᠷᠡᠭᠦᠯ ᠪᠣᠯᠭᠠᠵᠤ ᠴᠢᠳᠠᠬᠤ ᠦᠭᠡᠶ ᠭᠦᠤ ᠨᠢ ᠰᠠᠶᠢ ᠡᠵᠢ ᠳᠡᠭᠡᠨ ᠣᠰᠤᠯᠳᠤᠵᠤ ᠪᠠᠢ᠌ᠨ᠎ᠠ》 ᠭᠡᠵᠤ ᠪᠣᠳᠤᠬᠤ ᠲᠡᠶ ᠵᠡᠷᠭᠡ ᠬᠠᠷᠠᠮᠰᠠᠯ ᠤᠨ ᠬᠠᠯᠠᠭᠤᠨ ᠨᠢᠯᠪᠣᠰᠤ ᠬᠠᠮᠠᠷ ᠬᠠᠪᠴᠢᠨ ᠣᠷᠤᠰᠴᠤ ᠡᠰᠭᠡᠭ᠍ᠰᠡᠨ ᠰᠢᠷᠬᠠᠨ ᠳᠡᠭᠡᠷ᠎ᠡ ᠴᠢᠪ ᠴᠢᠪ ᠳᠤᠰᠤᠯᠵᠤ ᠪᠠᠢ᠌ᠭᠰᠠᠨ ᠁
ᠵᠢᠯ ᠢᠯᠡᠭᠦᠤ ᠭᠡᠪᠳᠡᠭᠡᠳ ᠡᠵᠢ ᠮᠢᠨᠢ ᠶᠠᠷᠤᠨᠢ ᠳᠡᠩᠭᠡᠷᠡᠭᠦ ᠪᠠᠢ᠌ᠳᠠᠯ ᠦᠭᠡᠶ᠃ ᠨᠢᠭᠡ ᠣᠳᠠᠭ᠎ᠠ ᠨᠠᠮ᠎ᠠ ᠶᠢ ᠭᠡᠷ ᠲᠡᠭᠡᠨ ᠣᠴᠢᠬᠤ ᠳᠤ ᠡᠵᠢ ᠮᠢᠨᠢ ᠨᠢᠭᠡᠯᠡ ᠣᠬᠠᠭᠠᠨ ᠰᠡᠷᠭᠦᠯᠡᠩ ᠪᠣᠯᠴᠢᠬᠠᠭᠰᠠᠨ ᠮᠢᠨᠤ ᠵᠥᠭ᠌ ᠬᠠᠠᠳᠤᠵᠤ᠄ 《ᠭᠦᠤ ᠮᠢᠨᠢ ᠡ᠂ ᠡᠵᠢ ᠨᠢ ᠨᠠᠷᠢᠮᠤ ᠶᠢᠨ ᠰᠢᠩᠭᠡᠨ ᠪᠣᠳᠠᠭ᠎ᠠ ᠢᠳᠠᠶ᠎ᠠ ᠭᠡᠵᠤ ᠰᠠᠨᠠᠵᠤ ᠪᠣᠢ》 ᠭᠡᠪᠡ᠃ ᠬᠤᠭᠤᠯᠠ ᠢᠳᠡᠭᠡ ᠦᠭᠡᠶ ᠭᠡᠳᠤ ᠬᠤᠨᠤᠭᠰᠠᠨ ᠢ ᠨᠢ ᠰᠤᠨᠤᠰᠤᠭᠠᠤᠨ ᠵᠤᠪᠠᠵᠤ ᠪᠠᠢ᠌ᠳᠠᠯ᠎ᠠ ᠭᠡᠨᠡᠳᠲᠡ ᠢᠳᠠᠶ᠎ᠠ ᠭᠡᠭᠦᠯᠡᠷ ᠪᠢ ᠳᠡᠰᠭᠡᠯ ᠦᠭᠡᠶ ᠪᠠᠶᠠᠷᠯᠠᠵᠤ ᠡᠵᠢ ᠳᠡᠭᠡᠨ ᠰᠢᠷᠭᠠᠯ ᠰᠠᠢ᠌ᠬᠠᠨ ᠰᠢᠨ᠎ᠠ ᠨᠠᠷᠢᠮᠤ ᠶᠢᠨ ᠪᠣᠳᠠᠭ᠎ᠠ ᠴᠢᠨᠠᠵᠤ ᠦᠭᠭᠦᠭ᠍ᠰᠡᠨ ᠶᠤᠮ᠃ ᠡᠵᠢ ᠮᠢᠨᠢ ᠵᠠᠪᠠᠯ ᠰᠠᠭᠤᠵᠤ ᠪᠠᠢ᠌ᠭᠠᠤᠨ ᠢᠳᠠᠨ᠎ᠠ ᠭᠡᠵᠤ ᠠᠪᠣ ᠪᠠᠷ ᠳᠦᠰᠢᠭᠦᠯᠤᠨ ᠦᠨᠳᠠᠢ᠌ᠵᠤ ᠰᠠᠭᠤᠭᠠᠤᠨ ᠡᠷᠡᠭᠦᠯ ᠭᠠᠷ ᠶᠢᠡᠷ ᠶᠢᠡᠨ ᠬᠠᠯᠪᠠᠭ᠎ᠠ ᠠᠳᠬᠤᠵᠤ ᠨᠢᠭᠡ ᠨᠢᠭᠡ ᠬᠠᠯᠪᠠᠭ᠎ᠠ ᠪᠠᠷ ᠰᠢᠩᠭᠡᠨ ᠪᠣᠳᠠᠭ᠎ᠠ ᠡᠯᠭᠦᠵᠤ ᠬᠠᠭᠠᠰ ᠠᠶᠠᠭ᠎ᠠ ᠢᠳᠡᠭ᠍ᠰᠡᠨ ᠶᠤᠮ᠃ ᠢᠳᠠᠵᠤ ᠪᠠᠷᠠᠭᠰᠠᠨ ᠤ ᠳᠠᠷᠠᠭ᠎ᠠ ᠭᠠᠳᠠᠭᠰᠢ ᠬᠠᠷᠠᠵᠤ 《ᠪᠠᠰᠠᠯᠠ ᠨᠠᠮᠤᠷ ᠪᠣᠯᠴᠢᠬᠠᠯ᠎ᠠ》 ᠭᠡᠰᠡᠨ ᠶᠢᠡᠨ ᠮᠢᠨᠤ ᠵᠥᠭ᠌ ᠬᠠᠠᠳᠤᠵᠤ 《ᠮᠢᠨᠤ ᠭᠦᠤ ᠣᠳᠤ ᠭᠡᠷ ᠲᠡᠭᠡᠨ ᠬᠠᠷᠢ᠂ ᠡᠵᠢ ᠨᠢ ᠵᠥᠭᠡᠷ ᠡ᠂ ᠬᠤᠶᠠᠷ ᠵᠤᠯᠵᠠᠭ᠎ᠠ ᠪᠠᠨ ᠰᠠᠢ᠌ᠬᠠᠨ ᠥᠰᠭᠡ᠂ ᠰᠠᠢ᠌ᠨ ᠪᠢᠴᠢᠭ᠌ ᠥᠵᠡᠭᠦᠯ ᠡ》 ᠭᠡᠪᠡ᠃ ᠳᠠᠷᠠ ᠦᠶ᠎ᠡ ᠳᠤ ᠪᠢ ᠥᠭᠡᠷ᠎ᠡ ᠶᠠᠭᠤᠮ᠎ᠠ ᠪᠣᠳᠤᠭᠰᠠᠨ ᠦᠭᠡᠶ᠂ ᠡᠵᠢ ᠵᠥᠭᠡᠷ ᠶᠤᠮ ᠴᠢᠨᠢ ᠭᠡᠳ ᠯᠠ ᠭᠡᠷ ᠲᠡᠭᠡᠨ ᠬᠠᠷᠢᠴᠢᠭᠰᠠᠨ ᠶᠤᠮ᠃ ᠳᠠᠷᠠ ᠰᠦᠨᠢ ᠨᠢ ᠡᠵᠢ ᠪᠣᠯᠬᠤ ᠦᠭᠡᠶ ᠪᠣᠯᠤᠭᠰᠠᠨ ᠭᠤᠨᠢᠭᠳᠤ ᠴᠢᠮᠡᠭᠡ ᠢᠷᠠᠵᠤ᠂ ᠨᠠᠮ᠎ᠠ ᠶᠢ ᠭᠦᠷᠭᠦ ᠳᠤ ᠵᠥᠳᠡᠭᠦᠭᠡᠨ ᠠᠮᠢᠰᠬᠤᠭ᠎ᠠ ᠲᠡᠶ ᠴᠤ ᠮᠡᠳᠡᠭᠡ ᠦᠭᠡᠶ ᠦᠭᠡᠶ ᠪᠠᠢ᠌ᠯ᠎ᠠ᠃
ᠪᠢ ᠳᠤᠯᠤᠭᠠᠢ ᠥᠵᠦᠭᠦᠷ ᠨᠢ ᠤᠢ᠌ᠷᠠᠳᠴᠤ ᠴᠢᠭᠢᠨ ᠳ᠋ᠤᠨᠢ᠄
᠊᠊᠊᠊᠊᠊᠊᠊᠊᠊᠊᠊᠊᠊᠊ ᠡᠵᠢ ᠡ᠂ ᠪᠢ ᠢᠷᠡᠭ᠍ᠰᠡᠨ ᠭᠡᠭᠦ ᠳᠤ ᠡᠵᠢ ᠶᠢᠨ ᠠᠨᠢᠭᠰᠠᠨ ᠵᠤᠪᠭᠢ ᠦᠯᠦ ᠮᠡᠳᠡᠭ᠌ ᠭᠦᠳᠡᠯᠵᠤ ᠠᠪᠣᠭᠰᠠᠨ ᠶᠤᠮ᠃ ᠨᠠᠮ᠎ᠠ ᠶᠢ ᠢᠷᠡᠭ᠍ᠰᠡᠨ ᠢ ᠡᠵᠢ ᠮᠢᠨᠢ ᠮᠠᠳᠠᠵᠠᠢ᠃ ᠳᠠᠮᠠᠢ ᠣᠳᠠᠯ ᠦᠭᠡᠶ ᠡᠵᠢ ᠮᠢᠨᠢ ᠮᠠᠨ ᠡᠴᠡ ᠠᠩᠭᠢᠵᠢᠷᠠᠵᠤ ᠠᠮᠢᠰᠬᠤᠭ᠎ᠠ ᠬᠤᠷᠢᠶᠠᠯ᠎ᠠ᠃
ᠪᠢ ᠡᠵᠢ ᠦᠭᠡᠶ ᠪᠣᠯᠤᠭᠰᠠᠨ᠂ ᠨᠠᠳᠠ ᠶᠠᠭᠤ ᠪᠠᠢ᠌ᠯ᠎ᠠ ᠭᠡᠳ ᠶᠠᠮᠠᠷ ᠭᠡᠷᠡᠭ᠌ ᠲᠡᠶ ᠪᠣᠢ ︖ ᠭᠡᠵᠤ ᠭᠢᠵᠠᠭᠠᠷ ᠦᠭᠡᠶ ᠭᠠᠰᠢᠭᠤᠳᠠᠯ ᠤᠨ ᠳᠤᠮᠳᠠ ᠪᠢ ᠵᠢᠪᠪᠦᠭ᠍ᠰᠡᠨ ᠶᠤᠮ᠃ ᠡᠵᠢ ᠶᠢ ᠠᠯᠠᠭ᠎ᠠ ᠪᠣᠯᠤᠭᠰᠠᠨ ᠳᠠᠷᠠ ᠦᠳᠡᠰᠢ ᠶᠢᠨ ᠰᠠᠷ᠎ᠠ ᠶᠢ ᠪᠢ ᠭᠡᠵᠢᠶᠡᠳᠡ ᠮᠠᠷᠳᠠᠬᠤ ᠦᠭᠡᠶ᠃ ᠳᠠᠷᠠ ᠦᠳᠡᠰᠢ ᠶᠢᠨ ᠰᠠᠷ᠎ᠠ ᠳᠠᠢ᠌ᠮᠤ ᠪᠣᠳᠤᠩᠭ᠋ᠤᠢ᠂ ᠳᠠᠢ᠌ᠮᠤ ᠵᠢᠭᠡᠭᠦᠨ᠂ ᠭᠡᠷᠡᠯ ᠨᠢ ᠪᠣᠴᠠᠭᠰᠠᠨ ᠳᠠᠷᠠ ᠨᠠᠮᠤᠷ ᠳᠠᠢ᠌ᠮᠤ ᠬᠠᠢ᠌ᠷ᠎ᠠ ᠨᠠᠢ᠌ᠷ ᠥᠭᠡᠢ᠌ᠭᠡᠨ ᠪᠠᠷ ᠮᠢᠨᠤ ᠰᠡᠳᠭᠢᠯ ᠳᠤ ᠬᠠᠳᠠᠩᠰᠢᠭᠰᠠᠨ ᠶᠤᠮ᠃
ᠡᠵᠢ ᠮᠢᠨᠢ ᠪᠣᠷᠬᠠᠨ ᠤ ᠣᠷᠤᠨ ᠳᠤ ᠶᠠᠪᠣᠭᠠᠤᠨ ᠣᠯᠠᠨ ᠵᠢᠯ ᠪᠣᠯᠤᠭᠰᠠᠨ ᠴᠤ ᠮᠢᠨᠤ ᠭᠦᠮᠦᠷᠭᠡ ᠳᠤ ᠡᠭᠡ ᠭᠠᠵᠠᠷ ᠤᠨ ᠪᠣᠶᠠᠨ ᠰᠢᠩᠭᠡᠭ᠍ᠰᠡᠨ ᠨᠢᠭᠡ ᠪᠣᠭᠤᠵᠢ ᠨᠠᠷᠢᠮᠤ ᠶᠢᠨ ᠳᠦᠷᠦᠭᠦᠤ ᠬᠠᠳᠠᠭᠠᠯᠠᠭᠳᠠᠵᠤ ᠪᠠᠢ᠌ᠳᠠᠭ᠃ ᠳᠠᠷᠠ ᠪᠣᠯ ᠡᠵᠢ ᠶᠢᠨ ᠥᠯᠡᠳᠡᠭᠡᠭ᠍ᠰᠡᠨ ᠠᠯᠳᠠ ᠪᠠᠷ ᠴᠤ ᠰᠤᠯᠢᠬᠤ ᠦᠭᠡᠶ ᠦᠷ᠎ᠡ ᠨᠠᠷᠢᠮᠤ ᠶᠤᠮ᠃ ᠮᠦᠨ ᠴᠤ ᠡᠵᠢ ᠶᠢᠨ ᠮᠢᠨᠢ ᠨᠠᠳᠠ ᠳᠤ ᠥᠯᠡᠳᠡᠭᠡᠭ᠍ᠰᠡᠨ ᠦᠴᠦᠭᠡᠨ ᠮᠦᠷᠳᠡᠭᠡᠨ ᠮᠤᠠᠳᠤᠭ ᠭᠦᠷᠦᠩᠭᠡ ᠪᠠᠢ᠌ᠭ᠎ᠠ ᠶᠤᠮ᠃
ᠮᠢᠨᠤ ᠴᠠᠭᠠᠨ ᠡᠭᠦᠯᠡ ᠲᠡᠶ ᠮᠥᠩᠭᠡ ᠭᠦᠭᠡ ᠳᠡᠭ᠍ᠷᠢ᠂ ᠭᠦᠷᠡᠩ ᠬᠠᠷ᠎ᠠ ᠰᠢᠷᠤᠢ ᠲᠡᠶ ᠮᠤᠩᠭ᠋ᠤᠯ ᠨᠤᠳᠤᠭ ᠪᠠᠢ᠌ᠭ᠎ᠠ ᠴᠠᠭ ᠲᠤ ᠡᠵᠢ ᠶᠢᠨ ᠳᠠᠷᠢᠶ᠎ᠠ ᠬᠠᠯᠢᠭᠤᠷᠠᠬᠤ ᠯᠠ ᠶᠤᠰᠤᠳᠠᠢ ᠭᠡᠵᠤ ᠪᠢ ᠦᠷᠭᠦᠯᠵᠢ ᠪᠣᠳᠤᠳᠠᠭ ᠶᠤᠮ ᠡ ︕
2011 ᠣᠨ ᠤ ᠨᠠᠮᠤᠷ ᠶᠡᠭᠡ ᠪᠠᠢ᠌ᠰᠢᠩ ᠳᠤ ᠡᠵᠢ ᠪᠠᠨ ᠳᠤᠷᠠᠰᠬᠠᠨ ᠪᠢᠴᠢᠪᠠᠢ᠃
ᠵᠤᠬᠢᠶᠠᠭᠴᠢ᠄ ᠳ᠋·ᠪᠦᠷᠢᠨᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6187
ᠴᠠᠭ᠄ 2011 ᠤᠨ ᠤ 09 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ