ᠨᠡᠪᠲᠡᠷᠡᠨ ᠤᠷᠤᠬᠤ
ᠮᠤᠩᠭ᠋ᠤᠯᠴᠤᠳ ᠤᠨ ᠢᠳᠠᠰᠢᠨ ᠮᠢᠬ᠎ᠠ

ᠬᠤᠨᠢᠨ ᠮᠢᠬ᠎ᠠ᠄ ᠡᠨᠡ ᠪᠣᠯ ᠮᠤᠩᠭ᠋ᠤᠯᠴᠤᠳ ᠤᠨ ᠬᠠᠮᠤᠭ ᠤᠨ ᠳᠤᠷᠠᠳᠠᠢ ᠶᠠᠷᠤ ᠶᠢᠨ ᠢᠳᠡᠭᠡᠨ ᠪᠣᠯᠤᠨ᠎ᠠ᠃ ᠬᠤᠨᠢᠨ ᠮᠢᠬ᠎ᠠ ᠶᠢ ᠭᠡᠳᠤᠨ ᠠᠷᠪᠠᠨ ᠵᠣᠢ᠌ᠯ ᠤᠨ ᠠᠷᠭ᠎ᠠ ᠪᠠᠷ ᠭᠢᠵᠤ ᠢᠳᠡᠳᠡᠭ᠌᠂ ᠡᠭᠦᠨ ᠳᠤ ᠥᠷᠭᠦᠯᠵᠢ ᠬᠠᠷᠠᠭᠳᠠᠳᠠᠭ ᠪᠦᠭᠡᠤᠨ ᠨᠠᠷ᠎ᠠ ᠠᠯᠳᠠᠷᠰᠢᠭᠰᠠᠨ ᠨᠢ 《ᠮᠢᠬ᠎ᠠ ᠴᠢᠨᠠᠬᠤ》᠂ 《ᠣᠭᠤᠴᠠ ᠭᠠᠷᠭᠠᠬᠤ》᠂ 《ᠰᠢᠭᠦᠰᠤ ᠳᠠᠯᠪᠢᠬᠤ》 ᠵᠡᠷᠭᠡ ᠪᠣᠯᠤᠨ᠎ᠠ᠃ ᠮᠢᠬ᠎ᠠ ᠴᠢᠨᠠᠬᠤ ᠳᠠᠭᠠᠨ ᠪᠦᠭᠦᠯᠢ ᠬᠤᠨᠢ ᠪᠠᠨ ᠮᠦᠴᠢᠯᠠᠨ ᠰᠠᠯᠭᠠᠵᠤ᠂ ᠠᠮᠳᠠ ᠣᠷᠤᠭᠤᠯᠬᠤ ᠡᠳ᠋ ᠭᠢᠭᠦ ᠦᠭᠡᠶ ᠪᠠᠷ ᠬᠠᠷ᠎ᠠ ᠣᠰᠤᠨ ᠳᠤ ᠴᠢᠨᠠᠭᠠᠤᠨ᠂ ᠰᠢᠯᠵᠠᠷᠠᠭᠤᠯᠬᠤ ᠦᠭᠡᠶ ᠪᠠᠷ ᠠᠪᠴᠤ ᠭᠠᠷᠭᠠᠳᠠᠭ᠃ ᠢᠩᠭᠢᠪᠠᠯ ᠠᠮᠳᠠ ᠦᠨᠦᠷ ᠨᠢ ᠣᠠᠴᠠ ᠰᠠᠢ᠌ᠬᠠᠨ ᠪᠣᠯᠳᠠᠭ ᠪᠠᠢ᠌ᠨ᠎ᠠ᠃ 《ᠣᠭᠤᠴᠠ ᠭᠠᠷᠭᠠᠬᠤ》᠂ 《ᠰᠢᠭᠦᠰᠤ ᠳᠠᠯᠪᠢᠬᠤ》 ᠪᠣᠯ ᠳᠡᠭᠡᠳᠤ ᠵᠡᠷᠭᠡ ᠶᠢᠨ ᠢᠳᠡᠭᠡᠨ ᠪᠣᠯᠤᠨ᠎ᠠ᠂ ᠳᠡᠭᠦᠨ ᠢ ᠭᠢᠭᠦ ᠪᠠ ᠢᠳᠡᠭᠦ ᠠᠷᠭ᠎ᠠ ᠶᠢᠨ ᠳᠠᠯ᠎ᠠ ᠪᠠᠷ ᠴᠦᠮ ᠨᠠᠯᠢᠶᠠᠤᠨ ᠶᠡᠭᠡ ᠠᠩᠬᠠᠷᠳᠠᠭ᠃ 《ᠣᠭᠤᠴᠠ ᠭᠠᠷᠭᠠᠬᠤ》 ᠳᠠᠭᠠᠨ᠂ ᠬᠤᠨᠢᠨ ᠤ ᠪᠠᠨ ᠳᠤᠯᠤᠳᠤᠭᠠᠷ ᠬᠠᠪᠢᠷᠭ᠎ᠠ ᠪᠠᠷ ᠨᠤᠭᠤᠯᠵᠤ ᠪᠦᠭᠦᠯᠢ ᠪᠠᠷ ᠨᠢ ᠳᠠᠯᠪᠢᠬᠤ ᠶᠢ ᠣᠭᠤᠴᠠ ᠭᠡᠵᠤ᠂ ᠳᠠᠭᠢᠨ ᠳᠦᠷᠪᠡᠨ ᠮᠦᠴᠢ᠂ ᠳᠤᠯᠤᠭᠠᠢ᠂ ᠭᠦᠵᠦᠭᠦᠤ᠂ ᠰᠡᠭᠡᠷ ᠢ ᠨᠢ ᠳᠤᠰ ᠳᠤᠰ ᠳᠤᠨᠢ ᠳᠤᠶᠠᠴᠢᠨ ᠰᠠᠯᠭᠠᠭᠠᠤᠨ᠂ ᠰᠡᠭᠦᠯ ᠲᠡᠶ ᠨᠢ ᠳᠤᠭᠤᠭᠠᠨ ᠳᠤ ᠭᠢᠵᠤ ᠴᠢᠨᠠᠭᠰᠠᠨ ᠤ ᠳᠠᠷᠠᠭ᠎ᠠ᠂ ᠪᠦᠭᠦᠯᠢ ᠬᠤᠨᠢᠨ ᠤ ᠪᠠᠨ ᠡᠯ᠎ᠡ ᠭᠡᠰᠡᠭ᠌ ᠢ ᠭᠠᠤᠯᠢᠨ ᠳᠠᠪᠠᠭ ᠲᠤ ᠭᠢᠵᠤ ᠠᠪᠴᠢᠷᠠᠭᠠᠤᠨ ᠵᠤᠴᠢᠨ ᠳᠠᠢ᠌ᠯᠠᠳᠠᠭ᠂ ᠡᠢ᠌ᠮᠤ ᠮᠢᠬ᠎ᠠ ᠨᠢ ᠵᠥᠭᠡᠯᠡᠨ ᠪᠦᠭᠡᠤᠨ ᠰᠢᠮ᠎ᠠ ᠲᠡᠶ ᠪᠠᠢ᠌ᠳᠠᠭ᠃ ᠵᠤᠴᠢᠨ ᠳᠠᠢ᠌ᠯᠠᠬᠤ ᠪᠠ ᠳᠠᠭᠢᠯᠭ᠎ᠠ ᠳᠤ ᠰᠢᠷᠠᠭᠰᠠᠨ ᠪᠦᠭᠦᠯᠢ ᠬᠤᠨᠢ ᠪᠠᠷ ᠬᠠᠮᠤᠭ ᠤᠨ ᠳᠡᠭᠡᠳᠤ ᠢᠳᠡᠭᠡᠨ ᠪᠣᠯᠭᠠᠳᠠᠭ ᠪᠠᠢ᠌ᠨ᠎ᠠ᠃ 《ᠮᠤᠩᠭ᠋ᠤᠯ ᠤᠨ ᠨᠢᠭᠤᠴᠠ ᠳᠤᠪᠴᠢᠶᠠᠨ》 ᠳᠤ ᠳᠡᠮᠳᠡᠭᠯᠡᠭ᠍ᠰᠡᠨ ᠡᠴᠡ ᠦᠵᠡᠪᠠᠯ᠂ 《ᠴᠢᠩᠭᠢᠰ ᠬᠠᠭᠠᠨ ᠳᠡᠯᠡᠭᠡᠢ ᠳ᠋ᠠᠭᠢᠨ ᠢ ᠳᠤᠭᠳᠠᠭᠠᠨ᠂ ᠭᠠᠪᠢᠶᠠᠳᠤ ᠲᠦᠰᠢᠮᠠᠤᠨ ᠶᠢᠡᠨ ᠶᠡᠭᠡᠪᠠᠷ ᠱᠠᠩᠨᠠᠬᠤ ᠳᠤ᠂ ᠪᠦᠭᠦᠯᠢ ᠬᠤᠨᠢ ᠳᠠᠯᠪᠢᠭᠠᠤᠨ ᠣᠭᠤᠴᠠ ᠶᠢᠨ ᠳᠠᠢ᠌ᠯᠠᠯᠭ᠎ᠠ ᠭᠡᠵᠤ ᠨᠡᠷᠡᠢ᠌ᠳᠦᠭ᠍ᠰᠡᠨ ᠪᠠᠢ᠌ᠵᠠᠢ》᠃ 《ᠳᠠᠭᠤᠷ ᠮᠤᠩᠭ᠋ᠤᠯ ᠤᠨ ᠰᠤᠳᠤᠯᠤᠯ》 ᠳᠤ᠄ 《ᠢᠳᠡᠭᠡᠨ ᠤ ᠳᠡᠭᠡᠵᠢᠨ ᠳᠤ ᠣᠭᠤᠴᠠ ᠡᠴᠡ ᠳᠠᠪᠠᠬᠤ ᠶᠠᠭᠤᠮ᠎ᠠ ᠠᠯᠠᠭ᠎ᠠ》 ᠭᠡᠵᠤ ᠳᠡᠮᠳᠡᠭᠯᠡᠭ᠍ᠰᠡᠨ ᠪᠠᠢ᠌ᠯ᠎ᠠ᠃ ᠴᠤᠯᠤ ᠮᠠᠯᠵᠢᠬᠤ ᠣᠷᠤᠨ ᠤ ᠭᠢᠨ ᠡᠢ᠌ᠮᠤ ᠵᠠᠩᠰᠢᠯ ᠶᠢᠡᠨ ᠣᠳᠤ ᠪᠣᠯᠳᠠᠯ᠎ᠠ ᠬᠠᠳᠠᠭᠠᠯᠠᠭᠰᠠᠭᠠᠷ ᠶᠤᠮ᠃ ᠠᠯᠠᠱᠠᠨ ᠠᠢ᠌ᠮᠠᠭ ᠤᠨ ᠰᠢᠷᠠᠭᠰᠠᠨ ᠪᠦᠭᠦᠯᠢ ᠬᠤᠨᠢ ᠪᠣᠯ ᠬᠤᠯᠠ ᠣᠢ᠌ᠷ᠎ᠠ ᠳᠤ ᠨᠠᠷᠠᠳᠠᠢ ᠶᠤᠮ᠃

ᠥᠭᠡᠷ ᠤᠨ ᠮᠢᠬ᠎ᠠ᠄ ᠳᠡᠭᠦᠨ ᠢ ᠣᠯᠠᠩᠭᠢ ᠳᠠᠭᠠᠨ ᠴᠢᠨᠠᠵᠤ ᠢᠳᠡᠳᠡᠭ᠌᠂ ᠵᠠᠷᠢᠮ ᠨᠢ ᠪᠠᠰᠠ ᠰᠢᠷᠠᠵᠤ ᠢᠳᠡᠳᠡᠭ᠌᠃

ᠪᠣᠰᠤᠳ ᠵᠣᠢ᠌ᠯ ᠤᠨ ᠮᠢᠬ᠎ᠠ᠄ ᠪᠣᠭᠤ᠂ ᠳᠠᠤᠯᠠᠢ᠂ ᠵᠡᠭᠡᠷ᠎ᠡ᠂ ᠭᠤᠷᠭᠤᠤᠯ ᠵᠡᠷᠭᠡ ᠠᠮᠢᠳᠠᠨ ᠤ ᠮᠢᠬ᠎ᠠ ᠶᠢ ᠮᠤᠩᠭ᠋ᠤᠯᠴᠤᠳ ᠴᠦᠮ ᠢᠳᠡᠭᠦ ᠳᠤᠷᠠᠳᠠᠢ ᠪᠠᠢ᠌ᠳᠠᠭ᠃ ᠮᠤᠷᠢᠨ ᠮᠢᠬ᠎ᠠ ᠶᠢ ᠬᠠᠷᠢᠨ ᠳᠠᠮᠠᠢ ᠢᠳᠡᠳᠡᠭ᠌ ᠦᠭᠡᠶ᠂ ᠭᠡᠪᠠᠴᠤ ᠥᠡᠳᠦᠷᠯᠢᠭ᠌ ᠭᠦᠢᠳᠡᠨ ᠮᠠᠯᠵᠢᠬᠤ ᠣᠷᠤᠨ ᠤ ᠭᠢᠨ ᠪᠠᠰᠠ ᠡᠪᠦᠯ ᠳᠡᠭᠡᠨ ᠮᠤᠷᠢ ᠠᠯᠠᠵᠤ ᠮᠢᠬ᠎ᠠ ᠶᠢ ᠨᠢ ᠢᠳᠡᠭᠦ ᠴᠤ ᠪᠠᠢ᠌ᠳᠠᠭ᠃ ᠮᠠᠯᠵᠢᠬᠤ ᠣᠷᠤᠨ ᠳᠤ ᠶᠠᠷᠤᠩᠭᠢ ᠳᠡᠭᠡᠨ ᠳᠠᠭᠢᠶ᠎ᠠ᠂ ᠭᠠᠬᠠᠢ ᠳᠡᠵᠢᠭᠡᠳᠡᠭ᠌ ᠦᠭᠡᠶ ᠪᠦᠭᠡᠤᠨ ᠮᠢᠬ᠎ᠠ ᠶᠢ ᠨᠢ ᠴᠤ ᠢᠳᠡᠳᠡᠭ᠌ ᠦᠭᠡᠶ᠂ ᠳᠠᠷᠢᠶᠠᠯᠠᠬᠤ ᠣᠷᠤᠨ ᠪᠣᠶᠤ ᠬᠠᠭᠠᠰ ᠳᠠᠷᠢᠶᠠᠯᠠᠵᠤ ᠬᠠᠭᠠᠰ ᠮᠠᠯᠵᠢᠬᠤ ᠣᠷᠤᠨ ᠤ ᠭᠢᠨ ᠪᠣᠯ ᠬᠠᠷᠢᠨ ᠣᠯᠠᠩᠭᠢ ᠳᠠᠭᠠᠨ ᠳᠠᠭᠢᠶ᠎ᠠ ᠭᠠᠬᠠᠢ ᠠᠷᠠᠴᠢᠯᠠᠨ ᠳᠡᠵᠢᠭᠡᠵᠤ ᠮᠢᠬ᠎ᠠ ᠶᠢ ᠨᠢ ᠢᠳᠡᠳᠡᠭ᠌ ᠪᠠᠢ᠌ᠨ᠎ᠠ᠃ ᠳᠡᠮᠡᠭᠡᠨ ᠤ ᠪᠦᠭᠦ᠂ ᠪᠠᠭᠠᠪᠠᠭᠠᠢ ᠶᠢᠨ ᠳᠠᠪᠠᠭ᠂ ᠬᠤᠨ ᠭᠠᠯᠠᠭᠤᠨ ᠤ ᠮᠢᠬ᠎ᠠ ᠪᠣᠯ ᠮᠤᠩᠭ᠋ᠤᠯᠴᠤᠳ ᠤᠨ ᠡᠷᠭᠢᠮ ᠳᠡᠭᠡᠳᠤ ᠢᠳᠡᠭᠡᠨ ᠪᠣᠯᠬᠤ ᠳᠤᠯᠠ᠂ ᠥᠪᠠᠳᠡᠭ᠍ᠰᠢ ᠶᠡᠭᠡ ᠳᠠᠢ᠌ᠯᠠᠯᠭ᠎ᠠ ᠳᠡᠭᠡᠷ᠎ᠡ ᠯᠠ ᠰᠠ‍‌ᠶᠢ ᠭᠠᠷᠭᠠᠳᠠᠭ᠃ ᠵᠢᠭᠠᠰᠤᠨ ᠮᠢᠬ᠎ᠠ ᠨᠢ ᠡᠷᠳᠡᠨ ᠤ ᠦᠶ᠎ᠡ ᠳᠤ ᠭᠤᠤᠯ ᠮᠦᠷᠠᠨ ᠳᠠᠭᠠᠤ ᠣᠷᠤᠨ ᠤ ᠰᠠᠭᠤᠭᠠᠯᠢ ᠠᠷᠠᠤᠨ ᠤᠨ ᠢᠳᠡᠭᠡᠨ ᠤ ᠵᠣᠢ᠌ᠯ ᠪᠠᠢ᠌ᠭᠰᠠᠨ ᠪᠣᠯᠪᠠᠴᠤ᠂ ᠦᠪᠣᠷ ᠮᠤᠩᠭ᠋ᠤᠯ ᠣᠷᠤᠨ ᠳᠤ ᠯᠠᠮ᠎ᠠ ᠶᠢᠨ ᠱᠠᠰᠢᠨ ᠣᠯᠠᠮᠵᠢᠯᠠᠭᠳᠠᠭᠰᠠᠨ ᠤ ᠰᠡᠭᠦᠯᠡᠷ᠂ ᠵᠢᠭᠠᠰᠤᠨ ᠮᠢᠬ᠎ᠠ ᠢᠳᠡᠭᠦ ᠶᠢ ᠭᠢᠵᠠᠭᠠᠷᠯᠠᠭᠰᠠᠨ ᠪᠠᠢ᠌ᠨ᠎ᠠ᠃ ᠬᠤᠵᠢᠮ ᠨᠢ ᠰᠢᠡᠵᠢᠯᠡᠭᠦ ᠣᠬᠠᠭᠠᠨ ᠰᠤᠶᠤᠯ ᠤᠨ ᠳᠡᠭᠡᠭ᠍ᠰᠢᠯᠡᠯᠳᠡ ᠶᠢ ᠳᠠᠭᠠᠯᠳᠤᠨ᠂ ᠵᠢᠭᠠᠰᠤᠨ ᠮᠢᠬ᠎ᠠ ᠢᠳᠡᠭᠦ ᠭᠦᠮᠦᠰ ᠪᠠᠰᠠ ᠣᠯᠠᠰᠢᠷᠠᠵᠠᠢ᠃

ᠢᠷᠡᠯᠲᠡ᠄ ᠪᠢᠴᠢᠭ᠍ᠰᠡᠨ ᠥᠭᠡᠢ
ᠬᠠᠷᠢᠶ᠎ᠠ᠄ ᠵᠠᠩ ᠤᠢ᠌ᠯᠠ
ᠳᠠᠷᠤᠮ᠄ 7458
ᠴᠠᠭ᠄ 2006 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ