ᠨᠡᠪᠲᠡᠷᠡᠨ ᠤᠷᠤᠬᠤ
ᠡᠭᠡᠭᠡᠪᠦᠷᠢ ᠳ᠋ᠠᠭᠢ ᠡᠵᠢ ᠨᠡᠷ ᠤᠨ ᠵᠤᠭᠤᠭ

ᠨᠠᠷᠠ ᠰᠢᠷᠠᠵᠤ ᠰᠠᠭᠤᠯᠴᠠᠭᠰᠠᠨ ᠡᠵᠢ ᠨᠡᠷ ᠤᠨ ᠵᠤᠭᠤᠭ ᠡᠴᠡ

ᠨᠠᠪᠴᠢ ᠴᠡᠴᠡᠭ᠌ ᠤᠨ ᠥᠩᠭᠡ ᠪᠣᠳᠤᠭ ᠢᠯᠭᠠᠷᠠᠨ᠎ᠠ

ᠨᠢ᠋ᠮᠠᠨ ᠵᠥᠭ᠌ ᠤᠨ ᠪᠣᠶᠠᠨ ᠨᠤᠮ ᠤᠨ ᠭᠡᠯᠭᠢᠶ᠎ᠡ ᠡᠷᠢᠭ᠍ᠳᠡᠨ᠎ᠡ

ᠨᠠᠢ᠌ᠷᠠᠭ ᠠᠢ᠌ᠷᠠᠭ ᠤᠨ ᠦᠨᠦᠷ ᠠᠮᠳᠠ ᠪᠢᠯᠬᠠᠷᠠᠨ᠎ᠠ

ᠨᠠᠮᠢ᠋ᠢ ᠴᠢᠮᠢ᠋ᠢ ᠴᠢᠳᠠᠭ ᠳᠡᠦᠭᠡ ᠪᠠᠷ ᠴᠡᠯᠭᠡᠷᠡᠭᠦᠯᠵᠤ

ᠨᠠᠮ ᠰᠡᠯᠡᠭᠦᠨ ᠴᠠᠭ ᠤᠨ ᠵᠠᠢ ᠶᠢ ᠪᠠᠴᠢᠮᠳᠠᠭᠤᠯᠤᠨ᠎ᠠ

ᠨᠠᠮᠤᠷ ᠤᠨ ᠰᠡᠷᠢᠭᠦᠨ ᠳᠤ ᠵᠠᠯᠠᠯᠠᠨ ᠨᠢᠰᠭᠦ ᠭᠠᠯᠠᠭᠤᠳ ᠴᠤ

ᠨᠡᠭᠦᠳᠡᠯ ᠤᠨ ᠱᠤᠭᠤᠮ ᠶᠢᠡᠨ ᠠᠯᠳᠠᠵᠤ ᠡᠵᠢ ᠨᠡᠷ ᠤᠨ ᠵᠠᠩᠭᠢ ᠳᠤ ᠪᠣᠭᠤᠭᠳᠠᠨ᠎ᠠ

ᠨᠠᠰᠤᠨ ᠤ ᠨᠠᠮᠤᠷ ᠨᠢ ᠬᠠᠯᠢᠭᠤᠷᠠᠨ ᠬᠤᠩᠭ᠋ᠤᠷᠳᠠᠵᠤ

ᠦᠰᠦᠨ ᠤ ᠰᠤᠷ ᠨᠢ ᠮᠥᠩᠭᠦᠷᠡᠨ ᠰᠢᠩᠭᠡᠷᠡᠵᠤ ᠵᠤᠭᠤᠭᠳᠠᠴᠠᠭᠠᠨ᠎ᠠ

ᠡᠭᠡᠭᠡᠪᠦᠷᠢ ᠳᠠᠭᠢ ᠡᠵᠢ ᠨᠡᠷ ᠤᠨ ᠵᠤᠭᠤᠭ ᠳᠤ

ᠡᠰᠭᠡᠵᠤ ᠣᠷᠠᠯᠠᠭᠠᠤᠨ ᠱᠠᠭᠯᠠᠵᠤ ᠪᠦᠳᠦᠭᠡᠭ᠍ᠰᠡᠨ ᠬᠤᠷᠸ᠎ᠠ ᠪᠣᠢ

ᠡᠯᠡᠰᠤ ᠰᠢᠭᠦᠷᠡᠭᠡᠳ ᠳᠠᠷᠤᠭᠳᠠᠬᠤ ᠦᠭᠡᠶ ᠦᠨᠡᠨ ᠳᠤᠮᠤᠭ ᠪᠣᠢ

ᠡᠯᠢᠶ᠎ᠡ ᠨᠢᠰᠦᠭᠡᠤᠨ ᠭᠦᠷᠭᠦ ᠦᠭᠡᠶ ᠣᠷᠳᠤ ᠵᠤᠭᠤᠭ ᠪᠣᠢ

ᠡᠪᠯᠡᠵᠤ ᠭᠡᠯᠡᠭᠦ ᠳᠤ ᠬᠤᠷᠸ᠎ᠠ ᠲ᠋ᠠᠢ᠌ᠪᠠᠯᠵᠠᠮᠠᠷ ᠰᠤᠨᠤᠰᠬᠠᠯ ᠪᠣᠢ

ᠡᠨᠡ ᠦᠶ᠎ᠡ ᠶᠢᠨ ᠭᠦᠮᠦᠰ ᠬᠣᠢ᠌ᠳᠤ ᠥᠶ᠎ᠡ ᠭᠦᠷᠳᠡᠯ᠎ᠡ ᠪᠠᠨ ᠶᠠᠷᠢᠭᠳᠠᠨ᠎ᠠ

ᠡᠪᠦᠭᠡ ᠳᠡᠭᠡᠳᠦᠰ ᠤᠨ ᠰᠦᠷ ᠰᠦᠯᠳᠡ ᠶᠢ ᠢᠯᠠ ᠳᠤᠳᠤ ᠪᠠᠷ ᠳᠠᠮᠵᠢᠭᠤᠯᠤᠨ᠎ᠠ

ᠡᠷᠳᠡ ᠪᠠᠯᠠᠷ ᠤᠨ ᠡᠷᠡᠴᠦᠳ ᠵᠢᠡᠨ ᠮᠥᠷᠦᠭᠡᠳᠤᠨ ᠰᠠᠨᠠᠵᠤ ᠨᠢᠯᠪᠣᠰᠤᠷᠠᠨ᠎ᠠ

ᠡᠷᠢᠶᠡᠨ ᠪᠠᠷᠠᠭᠠᠨ ᠪᠣᠳᠤᠯ ᠨᠢ ᠵᠠᠮ ᠶᠢᠡᠨ ᠣᠯᠵᠤ ᠣᠷᠤᠰᠤᠨ᠎ᠠ

ᠡᠰᠡ ᠳᠠᠨᠢᠬᠤ ᠭᠦᠮᠤᠨ ᠥᠭᠡᠢ ᠡᠰᠡ ᠶᠠᠪᠣᠭᠰᠠᠨ ᠡᠭᠡᠷᠡᠮ᠎ᠡ ᠦᠭᠡᠶ ᠭᠡᠯᠴᠡᠨ᠎ᠡ

ᠡᠯᠦᠡᠴᠡ ᠬᠤᠯᠤᠠᠴᠠ ᠶᠢᠨ ᠳᠤᠮᠤᠭ ᠳᠡᠦᠭᠡ ᠴᠡᠩᠭᠡᠷᠳᠡᠨ ᠲ᠋ᠤᠭᠳᠠᠨ᠎ᠠ

ᠡᠷ᠎ᠡ ᠭᠦᠮᠤᠨ ᠤ ᠡᠪᠦᠳᠦᠭ᠌ ᠨᠤᠭᠤᠷᠠᠨ ᠡᠯᠢᠭᠡ ᠭᠦᠰᠢᠮᠡᠷ ᠭᠡᠯᠡᠭ᠍ᠳᠡᠨ᠎ᠡ

ᠡᠭᠡᠷᠡᠮ᠎ᠡ ᠲ᠋ᠡᠯ᠎ᠡ ᠶᠢᠨ ᠴᠡᠴᠡᠭ᠌ ᠳᠡᠯᠭᠡᠷᠡᠵᠤ᠂ ᠵᠤᠯᠭᠠᠷᠠᠵᠤ ᠶᠠᠷᠢᠭᠳᠠᠨ᠎ᠠ

ᠡᠡᠭ᠌ ᠦᠭᠡᠶ ᠬᠠᠩᠭ᠋ᠠᠢ ᠨᠡᠭᠦᠵᠤ᠂ ᠨᠦᠷᠡᠵᠤ ᠭᠡᠯᠡᠭ᠍ᠳᠡᠨ᠎ᠡ

ᠡᠵᠡᠨ ᠦᠭᠡᠶ ᠳᠤᠮᠤᠭ ᠡᠴᠢᠭᠡ ᠦᠭᠡᠶ ᠭᠡᠦᠭᠡᠤᠨ ᠦᠨᠦᠴᠢᠷᠠᠵᠤ ᠶᠠᠷᠢᠭᠳᠠᠨ᠎ᠠ

ᠡᠨᠡ ᠬᠤᠷᠸ᠎ᠠ ᠶᠢ ᠡᠵᠢ ᠨᠡᠷ ᠭᠡᠯᠡᠯ ᠦᠭᠡᠶ ᠭᠡᠨ ᠭᠡᠯᠡᠭᠦ ᠪᠣᠢ ᠭᠡᠭᠦ ᠰᠢᠭ᠌

ᠡᠪᠳᠡᠢ ᠦᠨᠡᠨ ᠡᠪ ᠦᠭᠡᠶ ᠬᠦᠳᠡᠯ ᠡᠯᠳᠡᠪ ᠮᠠᠭᠤᠬᠠᠢ ᠶᠢ ᠳᠡᠭ᠍ᠰᠢᠯᠡᠨ᠎ᠡ᠂᠂

ᠵᠤᠬᠢᠶᠠᠭᠴᠢ᠄ ᠳᠦᠭᠦᠷᠰᠥ᠋ᠷᠦᠡᠭ᠌
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3966
ᠴᠠᠭ᠄ 2007 ᠤᠨ ᠤ 11 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ