☆ ᠣᠷᠭᠢᠯᠤᠮ᠎ᠠ
ᠵᠢᠷᠦᠭᠡᠨ ᠠᠭᠤᠯᠠ
ᠳᠠᠯ᠎ᠠ ᠶᠢᠨ ᠳᠤᠮᠳᠠ ᠵᠢᠷᠦᠭᠡ ᠰᠢᠭ᠌ ᠣᠷᠭᠤᠭᠰᠠᠨ ᠡᠴᠡ
ᠲᠦᠮᠡᠨ ᠤ ᠳᠤᠮᠳᠠ ᠵᠢᠷᠦᠭᠡᠨ ᠠᠭᠤᠯᠠ ᠭᠡᠵᠤ ᠠᠯᠳᠠᠷᠰᠢᠭᠰᠠᠨ ᠶᠤᠮ
ᠳᠠᠪᠴᠢᠶᠠᠷᠢ ᠴᠢᠩᠭ᠋᠎ᠠ ᠮᠤᠩᠭ᠋ᠤᠯ ᠦᠷᠠᠰ ᠲᠡᠶ ᠪᠣᠯᠬᠤᠷ ᠶᠢᠡᠨ
ᠳᠢᠪ ᠤᠨ ᠳᠤᠮᠳᠠ ᠵᠢᠷᠦᠭᠡ ᠪᠣᠯᠵᠤ ᠰᠥᠡᠳᠡᠷᠯᠡᠭ᠍ᠰᠡᠨ ᠶᠤᠮ
ᠵᠢᠷᠦᠭᠡᠨ ᠠᠭᠤᠯᠠ ᠡ
ᠵᠤᠷᠢᠭ ᠡᠷᠴᠢᠯᠡᠭᠦᠯᠳᠡᠭ᠌ ᠰᠠᠭᠢᠭᠤᠰᠤ ᠶᠤᠮ ᠡ
ᠵᠦᠰᠤᠵᠤ ᠭᠠᠷᠤᠭᠰᠠᠨ ᠵᠠᠮ ᠳᠠᠨ ᠤ ᠬᠤᠷᠮᠤᠢ ᠶᠢ ᠡᠮᠵᠢᠶᠡᠷᠢᠯᠡᠨᠡ
ᠵᠦᠳᠠᠷᠠᠵᠤ ᠢᠷᠡᠭ᠍ᠰᠡᠨ ᠭᠦᠮᠤᠨ ᠠᠷᠠᠤᠨ ᠳᠠᠨ ᠤ ᠪᠠᠷ᠎ᠠ ᠶᠢ ᠭᠠᠢ᠌ᠬᠠᠨ᠎ᠠ
ᠳᠡᠭ᠍ᠷᠢ ᠪᠠᠭᠠᠨᠠᠳᠠᠭᠰᠠᠨ ᠣᠷᠭᠢᠯ ᠪᠠᠢ᠌ᠬᠤ ᠦᠭᠡᠶ ᠴᠤ
ᠳᠢᠪ ᠤᠨ ᠳᠤᠮᠳᠠ ᠵᠢᠷᠦᠭᠡ ᠭᠡᠮᠡᠷ ᠪᠣᠰᠴᠤ ᠵᠤᠭᠰᠤᠨ᠎ᠠ
ᠵᠢᠷᠦᠭᠡᠨ ᠠᠭᠤᠯᠠ ᠡ
ᠵᠤᠷᠢᠭ ᠡᠷᠴᠢᠯᠡᠭᠦᠯᠳᠡᠭ᠌ ᠰᠠᠭᠢᠭᠤᠰᠤ ᠶᠤᠮ ᠡ
ᠳᠠᠢ᠌ᠴᠢᠨ ᠨᠠᠭᠤᠷ ᠤᠨ ᠣᠰᠤ ᠨᠢ ᠳᠠᠨ ᠤ ᠳᠦᠷᠢ ᠶᠢ ᠳᠤᠯᠢᠳᠠᠨᠠ
ᠳᠠᠮᠢᠷᠳᠠᠵᠤ ᠢᠷᠡᠭ᠍ᠰᠡᠨ ᠠᠮᠢ ᠭᠤᠤᠯᠳᠠᠨ ᠣᠮᠳᠠ ᠥᠵᠡᠭᠡᠳ ᠪᠠᠶᠠᠰᠤᠨ᠎ᠠ
ᠳᠡᠦᠭᠡᠨ ᠳᠤ ᠳᠡᠮᠳᠡᠭᠯᠡᠭ᠍ᠳᠡᠭ᠍ᠰᠡᠨ ᠰᠠᠷᠢᠳᠠᠭ ᠦᠭᠡᠶ ᠪᠣᠯᠪᠠᠴᠤ
ᠳᠢᠪ ᠤᠨ ᠳᠤᠮᠳᠠ ᠵᠢᠷᠦᠭᠡ ᠪᠣᠯᠵᠤ ᠳᠠᠮᠠᠭᠠᠯᠠᠨ᠎ᠠ
ᠵᠢᠷᠦᠭᠡᠨ ᠠᠭᠤᠯᠠ ᠡ
ᠵᠤᠷᠢᠭ ᠡᠷᠴᠢᠯᠡᠭᠦᠯᠳᠡᠭ᠌ ᠰᠠᠭᠢᠭᠤᠰᠤ ᠶᠤᠮ ᠡ
ᠪᠠᠳᠤᠴᠠᠭᠠᠨ ᠮᠤᠳᠤ ᠨᠢ ᠪᠠᠩᠵᠠᠯ ᠪᠣᠯᠵᠤ ᠰᠤᠯᠤᠩᠭ᠋ᠠᠷᠠᠨ᠎ᠠ
ᠪᠠᠬᠠᠷᠴᠤ ᠢᠷᠡᠭ᠍ᠰᠡᠨ ᠵᠢᠭᠤᠯᠴᠢᠳ ᠪᠣᠴᠠᠬᠤ ᠵᠠᠮ ᠶᠢᠡᠨ ᠮᠠᠷᠳᠠᠨ᠎ᠠ
ᠪᠣᠭᠤᠷᠤᠯ ᠳᠡᠦᠭᠡᠨ ᠳᠤ ᠴᠠᠳᠢᠭ ᠦᠭᠡᠶ ᠪᠣᠯᠪᠠᠴᠤ
ᠪᠣᠷᠵᠢᠭᠢᠨ ᠲᠦᠰᠢᠶᠠᠳᠤᠴᠤᠳ ᠤᠨ ᠦᠨᠢ ᠮᠥᠩᠭᠡ ᠶᠢᠨ ᠵᠢᠷᠦᠭᠡ
ᠵᠢᠷᠦᠭᠡᠨ ᠠᠭᠤᠯᠠ ᠡ
ᠵᠤᠷᠢᠭ ᠡᠷᠴᠢᠯᠡᠭᠦᠯᠳᠡᠭ᠌ ᠰᠠᠭᠢᠭᠤᠰᠤ ᠶᠤᠮ ᠡ
ᠵᠤᠬᠢᠶᠠᠭᠴᠢ ᠶᠢᠨ ᠬᠠᠶᠢᠭ ᠄ ᠲᠦᠰᠢᠶᠠᠳᠤ
ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2648
ᠴᠠᠭ᠄ 2011 ᠤᠨ ᠤ 01 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ