☆ ᠡᠰᠨᠢᠯ
ᠠᠮᠤᠭᠤᠯᠠᠩ ᠦᠳᠡᠰᠢ
ᠡᠮᠡᠭᠡᠯ ᠲᠡᠶ ᠮᠤᠷᠢᠨ ᠤ ᠳᠦᠷᠦᠭᠡ ᠰᠢᠭᠦᠷᠦᠮ᠎ᠡ
ᠡᠪᠠᠰᠤᠨ ᠰᠤᠷ ᠰᠢᠭᠦᠳᠡᠷᠢ ᠡᠮᠭᠦᠯᠡᠭᠡᠳ
ᠡᠩᠳᠤ ᠳᠡᠭ᠍ᠷᠢ ᠶᠢᠨ ᠳᠡᠷᠭᠡᠯ ᠰᠠᠷ᠎ᠠ ᠨᠢ
ᠢᠵᠢᠯᠢ ᠴᠤᠭᠴᠠᠰ ᠤᠨ ᠬᠠᠨᠢ ᠪᠠᠨ ᠥᠭᠡᠢ᠌ᠯᠡᠨ᠎ᠡ
ᠦᠨᠳᠦᠷ ᠰᠠᠬᠤᠯᠢᠭ ᠪᠠᠳᠤᠴᠠᠭᠠᠨ ᠮᠤᠳᠤ ᠨᠢ
ᠦᠵᠦᠭᠦᠷ ᠤᠨ ᠠᠭᠤᠯᠠᠨ ᠳᠤ ᠪᠠᠨ ᠭᠡᠰᠢᠭ᠌ ᠬᠤᠷᠣᠢ᠌ᠯᠠᠭᠠᠤᠨ
ᠡᠪᠦᠭᠡ ᠳᠡᠭᠡᠳᠦᠰ ᠤᠨ ᠬᠠᠭᠤᠴᠢᠨ ᠪᠠᠭᠤᠷᠢ ᠡᠴᠠ
ᠡᠷᠳᠡ ᠡᠳᠦᠭᠡ ᠶᠢᠨ ᠳᠤᠤᠯᠢ ᠬᠠᠢ᠌ᠯᠠᠨᠠ
ᠳᠠᠯ᠎ᠠ ᠴᠤᠤᠷᠢᠶᠠᠳᠤᠭᠰᠠᠨ ᠬᠤᠭᠤᠷ ᠤᠨ ᠣᠶᠠᠩᠭ᠋ᠠᠯᠢᠭ ᠨᠢ
ᠳᠠᠩᠰᠤᠭ ᠠᠮᠢᠳᠤᠷᠠᠯ ᠳᠤ ᠪᠠᠨ ᠴᠡᠩᠭᠡᠯ ᠨᠡᠮᠡᠭᠡᠳ
ᠬᠤᠷᠴᠢᠨ ᠮᠤᠩᠭ᠋ᠤᠯ ᠤᠨ ᠵᠢᠷᠭᠠᠯᠳᠤ ᠵᠢᠷᠤᠭ ᠨᠢ
ᠬᠤᠪᠢ ᠶᠢᠨ ᠭᠠᠳᠠᠨ᠎ᠠ ᠥᠩᠭᠡ ᠢᠯᠭᠠᠷᠠᠨ᠎ᠠ᠂᠂
᠊᠊᠊᠊᠊᠊᠊᠊᠊᠊᠊᠊᠊᠊᠊ ᠳᠠᠢ᠌ᠴᠢᠠᠳᠠᠯ᠎ᠠ ᠶᠢᠨ ᠦᠳᠡᠰᠢ
2012.7.3
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2651
ᠴᠠᠭ᠄ 2012 ᠤᠨ ᠤ 07 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ