☆ ᠬᠠᠷᠠᠨᠤᠳ ᠳᠦᠷᠤ ᠵᠠᠶᠠᠭ᠎ᠠ
ᠴᠢᠨᠤ ᠳᠡᠷᠭᠡᠳᠡ
ᠴᠡᠭ᠍ᠴᠡᠦᠭᠡᠢ ᠵᠢᠷᠭᠢᠭᠦᠢ
ᠴᠢᠨᠤ ᠳᠡᠷᠭᠡᠳᠡ ᠴᠡᠴᠡᠭ᠌ ᠪᠣᠯᠤᠨ ᠣᠷᠭᠤᠬᠤᠢ
ᠴᠡᠩᠭᠡᠯ ᠪᠠᠶᠠᠷ ᠬᠤᠤᠰᠯᠠᠬᠤᠢ
ᠴᠢᠨᠤ ᠳᠡᠷᠭᠡᠳᠡ ᠣᠶᠠᠷᠠᠬᠤᠢ
ᠴᠢᠠᠳᠠᠮᠤᠨᠢ ᠡᠷᠳᠡᠨᠢ ᠶᠢᠨ ᠵᠡᠭᠦᠯᠳᠡ
ᠴᠢᠨᠤ ᠴᠢᠷᠠᠢ ᠶᠢ ᠴᠢᠮᠠᠵᠤ
ᠴᠡᠩᠭᠡᠷ ᠳᠤᠷᠭᠠᠨ ᠣᠷᠢᠶᠠᠯᠳᠠ
ᠦᠰᠦᠨ ᠢ ᠭᠤᠶᠤᠵᠤ ᠁
ᠪᠣᠳᠤᠪᠠᠯ ᠬᠠᠢ᠌ᠷ᠎ᠠ ᠶᠢᠨ ᠰᠠᠷᠨᠠᠢ ᠶᠢ ᠪᠣᠷᠬᠠᠨ ᠡᠴᠡ ᠭᠤᠶᠤᠵᠤ
ᠪᠣᠷᠤ ᠭᠦᠤ ᠳᠤ ᠬᠠᠨᠢ ᠭᠡᠵᠤ ᠦᠭᠭᠦᠭ᠍ᠰᠡᠨ ᠪᠢᠯᠢᠤ᠂
ᠪᠦᠤᠪᠠᠢ᠌ᠯᠠᠵᠤ ᠨᠠᠠᠳᠢᠩᠨᠠᠬᠤ ᠠᠵᠠ ᠵᠢᠷᠭᠠᠯ ᠳ᠋ᠤ
ᠪᠣᠯᠭᠢᠯᠠᠬᠤ ᠵᠢᠷᠦᠭᠡᠨᠡ ᠨᠢᠭᠤᠭᠳᠠᠭᠰᠠᠨ ᠪᠣᠯᠵᠤ
ᠬᠠᠯᠠᠭᠤᠬᠠᠨ ᠪᠦᠯᠢᠶᠡᠭᠡᠨ ᠲ᠋ᠦᠯᠡᠭᠠᠬᠠᠨ
ᠬᠠᠮᠳᠤ ᠶᠢᠨ ᠵᠠᠶᠠᠭ᠎ᠠ ᠳᠡᠯᠭᠡᠷᠡᠭᠦᠢ ᠪᠠᠰᠡ ᠮᠥᠩᠭᠡᠷᠡᠭᠦᠢ
ᠪᠣᠠᠳᠤᠭᠤᠷ ᠬᠠᠴᠠᠷ ᠶᠢᠡᠨ ᠦᠭᠭᠦ ᠳ᠋ᠤ
ᠥᠨᠦᠰᠭᠦᠢ ᠪᠠᠰᠠ ᠥᠨᠡᠷᠯᠡᠭᠦᠢ ᠦᠷᠭᠦᠯᠵᠢ
ᠦᠳᠡᠯᠳᠠᠯ᠎ᠠ ᠪᠠᠨ ᠬᠠᠮᠳᠤ ᠰᠢᠤ ᠭᠡᠮᠡᠨ
ᠡᠪᠦᠷ ᠤᠨ ᠮᠢᠨᠢ ᠰᠠᠯᠭᠢ ᠶᠢ ᠪᠦᠭᠡᠴᠡᠢ᠌ᠯᠡᠵᠤ
ᠡᠷ᠎ᠡ ᠭᠦᠮᠤᠨ ᠤ ᠳᠡᠭ᠍ᠷᠢ ᠶᠢ ᠰᠠᠷᠨᠠᠢ ᠪᠠᠷ ᠴᠢᠮᠠᠵᠠᠢ᠂
ᠴᠢᠨᠤ ᠳᠡᠷᠭᠡᠳᠡ
ᠴᠡᠭ᠍ᠴᠦᠭᠡᠢ ᠵᠢᠷᠭᠢᠭᠦᠢ
ᠴᠡᠩᠭᠡᠯ ᠪᠠᠶᠠᠷ ᠤᠨ ᠬᠤᠷᠸ᠎ᠠ
ᠨᠢᠯᠪᠣᠰᠤᠨ ᠳᠤᠰᠤᠯ ᠶᠢᠡᠷ ᠣᠶᠠᠷᠠᠬᠤᠢ
ᠴᠢᠩ ᠵᠤᠷᠢᠭ ᠢ ᠪᠠᠷᠢᠵᠤ ᠴᠢᠯᠠᠭᠤ ᠴᠤ ᠭᠡᠮᠡᠨ᠎ᠡ
ᠡᠷᠭᠡᠯᠡᠵᠤ ᠥᠯᠡᠳᠡᠭᠦᠢ ᠁
ᠴᠢᠨᠤ ᠳᠡᠷᠭᠡᠳᠡ
ᠪᠢ ᠬᠤᠷᠭᠤᠳᠠᠵᠠᠢ︕
ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2648
ᠴᠠᠭ᠄ 2011 ᠤᠨ ᠤ 03 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ