ᠨᠡᠪᠲᠡᠷᠡᠨ ᠤᠷᠤᠬᠤ
ᠥᠯᠦᠭᠡᠢ ᠨᠤᠳᠤᠭ ᠤᠨ ᠰᠠᠢ᠌ᠬᠠᠨ

ᠠᠢ᠌ᠷᠠᠭ ᠴᠠᠭᠠᠨ ᠳᠠᠪᠤᠨ ᠠᠭᠤᠯᠠ ᠨᠢ

ᠠᠯᠤᠰ ᠤᠨ ᠭᠠᠵᠠᠷ ᠡᠴᠠ ᠥᠵᠡᠭ᠍ᠳᠡᠭᠦ ᠶᠤᠮ

ᠠᠷᠤ ᠭᠦᠪᠴᠢ ᠶᠢᠨ ᠪᠣᠷᠤ ᠦᠠᠳᠤᠷ ᠣᠪᠣᠭ᠎ᠠ ᠨᠢ

ᠠᠢ᠌ᠯ ᠠᠢ᠌ᠮᠠᠭ ᠲᠠᠭᠠᠨ ᠳᠠᠭᠤᠷᠢᠰᠠᠬᠤ ᠶᠤᠮ᠃


ᠰᠦᠨᠳᠠᠷᠯᠠᠨ ᠪᠠᠢ᠌ᠷᠢᠰᠢᠬᠤ ᠰᠠᠢ᠌ᠬᠠᠠᠦ᠋ᠯᠵᠠᠢ ᠬᠠᠢ᠌ᠷᠬᠠᠨ ᠨᠢ

ᠰᠦᠮᠪᠦᠷᠯᠠᠨ ᠰᠥᠭᠯᠡᠢ᠌ᠵᠤ ᠰᠡᠭᠦᠢᠨ ᠬᠠᠷᠠᠭᠳᠠᠬᠤ ᠶᠤᠮ᠃

ᠰᠦᠯᠳᠡ ᠭᠡᠢ᠌ᠮᠦᠷᠢᠳᠤ ᠬᠤᠴᠠ ᠶᠢᠨ ᠣᠪᠣᠭ᠎ᠠ ᠨᠢ

ᠰᠥᠰᠦᠭ᠍ᠳᠡᠨ ᠠᠷᠠᠤᠨ ᠲᠠᠭᠠᠨ ᠪᠣᠶᠠᠨ ᠬᠤᠷᠣᠢ᠌ᠯᠠᠬᠤ ᠶᠤᠮ᠃


ᠬᠤᠯᠠ ᠶᠢᠨ ᠪᠠᠷᠠᠭᠠᠨ ᠳᠤ ᠭᠦᠭᠡᠷᠡᠭᠡᠳ ᠪᠠᠢ᠌ᠳᠠᠭ ᠨᠢ

ᠬᠤᠩᠭ᠋ᠤᠷ ᠨᠤᠳᠤᠭ ᠤᠨ ᠮᠢᠨᠢ ᠪᠣᠷᠤ ᠳᠤᠯᠤᠭᠠᠤᠨ

ᠬᠤᠪᠢ ᠶᠢᠨ ᠭᠠᠳᠠᠨ᠎ᠠ ᠰᠦᠷᠯᠡᠭᠡᠳ ᠪᠠᠢ᠌ᠳᠠᠭ ᠨᠢ

ᠬᠤᠪᠣᠷ ᠴᠤᠭᠴᠠᠳᠤ ᠮᠠᠨᠠᠳᠤ ᠶᠢᠨ ᠭᠦᠯᠢᠶ᠎ᠡ


ᠭᠦᠡᠳᠡᠢ ᠭᠤᠪᠢ ᠨᠢ ᠴᠤ ᠨᠤᠭᠤᠭᠠᠷᠠᠨ ᠴᠡᠯᠡᠭᠡᠷᠰᠢᠭᠦ

ᠭᠦᠮᠡᠯᠢ ᠳᠠᠭᠠᠨ᠎ᠠ ᠠᠭᠢ ᠶᠢᠨ ᠳᠡᠪᠢᠰᠭᠡᠷ ᠵᠢᠷᠭᠠᠯᠠᠩᠳᠤ

ᠪᠣᠳᠤᠯ ᠰᠡᠳᠬᠢᠯᠭᠡ ᠶᠢᠨ ᠣᠷᠤᠨ ᠵᠠᠢ ᠶᠢ ᠡᠵᠡᠯᠡᠭᠦ

ᠪᠣᠶᠠᠨ ᠣᠰᠤᠨ ᠤ ᠮᠢᠨᠢ ᠡᠪᠠᠰᠤ ᠣᠷᠭᠤᠮᠠᠯ᠃


ᠲᠦᠪᠯᠠᠷᠠᠨ ᠠᠮᠢᠳᠤᠷᠠᠬᠤ ᠭᠤᠯᠤᠮᠳᠠ ᠶᠢᠨ ᠰᠠᠭᠤᠷᠢᠨ

ᠳᠦᠭᠦᠮ ᠤᠨ ᠳᠤᠭᠤᠷᠢᠮ ᠳ᠋ᠠᠭᠢ ᠬᠠᠳᠤᠯᠠᠩ ᠤᠨ ᠳᠠᠯᠠᠪᠠᠢ

ᠰᠦᠷᠳᠤ ᠣᠯᠠᠨ ᠳᠠᠭᠠᠨ ᠭᠡᠰᠢᠭ᠌ ᠶᠢᠡᠨ ᠡᠷᠭᠦᠭ᠍ᠰᠡᠨ

ᠰᠡᠭᠦᠭᠦᠯ ᠤᠨ ᠬᠤᠭᠤᠯᠠᠢ ᠶᠢᠨ ᠱᠠᠤᠳᠤ ᠨᠡᠭᠤᠷ


ᠬᠡᠦᠬᠡᠳ ᠨᠠᠰᠤᠨ ᠳᠠᠭᠠᠨ ᠳᠤᠭᠯᠠᠨ ᠨᠠᠭᠠᠳᠤᠭᠰᠠᠨ ᠨᠢ

ᠭᠦᠭᠡ ᠬᠤᠰᠢᠭᠤ ᠶᠢᠨ ᠪᠠᠷᠠᠭᠤᠨ ᠰᠤᠭᠤ ᠶᠢᠨ ᠡᠪᠠᠰᠤᠨ ᠳᠤᠯᠤᠭᠠᠢ

ᠭᠦᠰᠡᠯ ᠵᠤᠷᠢᠯᠳᠠ ᠪᠠᠨ ᠪᠠᠶᠡᠯᠡᠭᠦᠯᠭᠦ ᠪᠠᠷ ᠮᠤᠷᠳᠠᠭᠰᠠᠨ ᠨᠢ

ᠭᠦᠭᠡᠭᠡ ᠡᠪᠦᠯ ᠤᠨ ᠳᠤᠯᠠᠭᠠᠨ ᠪᠠᠭᠤᠴᠠ ᠪᠢᠯᠢᠭᠦᠭᠡ ᠶᠢᠨ ᠬᠦᠩᠭᠦᠷ


ᠲ᠋ᠡᠭᠡᠳᠤ ᠳᠤᠮᠳᠠ ᠳᠤᠤᠷᠠᠳᠤ ᠪᠣᠯᠠᠭ ᠨᠢ

ᠳᠡᠭᠡᠭᠡᠪᠦᠷᠢ ᠠᠶᠠᠨ ᠤ ᠳᠠᠪᠣᠰᠤ ᠬᠤᠵᠢᠷ ᠱᠠᠤ ᠬᠠᠩᠭ᠋ᠠᠳᠠᠭ

ᠳᠡᠭᠡᠳᠤ ᠳᠤᠤᠷᠠᠳᠤ ᠳᠠᠭᠢᠯ ᠮᠦᠷᠭᠦᠯ ᠤᠨ ᠣᠪᠣᠭ᠎ᠠ ᠨᠢ

ᠳᠡᠭᠡᠳᠦᠰ ᠪᠣᠭᠤᠷᠤᠯ ᠤᠨ ᠰᠢᠳᠦᠭᠡᠨ ᠤ ᠣᠷᠳᠤᠨ


ᠣᠨ ᠣᠳᠠᠭᠠᠨ ᠵᠢᠯ ᠤᠨ ᠣᠯᠠᠷᠢᠯᠳᠠ ᠳ᠋ᠤ

ᠣᠮᠤᠭᠯᠠᠩ ᠣᠷᠤᠰᠬᠠᠯ ᠶᠢᠡᠨ ᠭᠡᠪ ᠶᠢᠡᠷ ᠬᠠᠳᠠᠭᠠᠯᠠᠭᠰᠠᠨ

ᠣᠤᠭᠠᠨ ᠨᠤᠳᠤᠭ ᠤᠨ ᠮᠢᠨᠢ ᠰᠢᠳᠦᠭᠡᠡᠳᠤ ᠷᠠᠰᠢᠶᠠᠨ

ᠣᠩᠭ᠋ᠤᠨ ᠨᠠᠭᠤᠷ ᠤᠨ ᠳᠤᠯᠭᠢᠰᠤᠯ ᠭᠤᠶᠤ ᠰᠠᠢ᠌ᠬᠠᠨ᠃


ᠵᠤᠬᠢᠶᠠᠭᠴᠢ ᠶᠢᠨ ᠬᠠ‍‌ᠶᠢᠭ ᠄ ᠰᠦᠨᠢᠳ ᠪᠠᠷᠠᠭᠤᠨ ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ

ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12539
ᠴᠠᠭ᠄ 2011 ᠤᠨ ᠤ 04 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ