ᠨᠡᠪᠲᠡᠷᠡᠨ ᠤᠷᠤᠬᠤ
ᠪᠢ ᠴᠢᠮᠠᠳᠤ ᠬᠠᠢ᠌ᠷᠠᠳᠠᠢ ᠶᠢᠨ ᠣᠴᠢᠷ

ᠭᠡᠷᠭᠡᠢ ᠳᠡᠭᠡᠨ

ᠪᠢ ᠴᠢᠮᠠᠳᠤ ᠬᠠᠢ᠌ᠷᠠᠳᠠᠢ ᠶᠢᠨ ᠣᠴᠢᠷ

ᠪᠣᠮᠠᠨ ᠡᠷᠳᠡᠨᠢ ᠶᠢᠨ ᠳᠦᠯᠭᠢᠭᠦᠷ ᠨᠠᠳᠠ ᠭᠡᠷᠡᠭ᠌ ᠦᠭᠡᠶ

ᠪᠣᠯᠪᠠᠷᠠᠢ ᠴᠢᠨᠤᠭᠢ ᠪᠠᠨ ᠪᠠᠶᠠᠷ ᠲᠡᠶ ᠢᠨᠢᠶᠡᠭᠦ ᠶᠢ ᠬᠠᠷᠠᠭᠠᠤᠨ

ᠪᠣᠷᠪᠢ ᠪᠠᠨ ᠴᠢᠷᠦᠭ᠍ᠰᠡᠨ ᠭᠣᠢ᠌ᠷᠠᠠᠴᠢ ᠶᠠᠪᠣᠬᠤ ᠴᠤ ᠳᠤᠷᠠᠳᠠᠢ

ᠠᠯᠳᠠᠷᠠᠢ ᠴᠢᠮ᠎ᠠ ᠳᠤ ᠪᠠᠨ ᠬᠠᠢ᠌ᠷᠠᠳᠠᠢ ᠶᠢᠨ ᠣᠴᠢᠷ

ᠠᠮᠢᠳᠤᠷᠠᠯ ᠤᠨ ᠠᠯᠠᠭ ᠵᠢᠰᠤᠨ ᠳᠤ ᠮᠢᠨᠢ ᠰᠠᠭᠤᠬᠤ ᠦᠭᠡᠶ

ᠠᠯᠠᠭᠠᠨ ᠭᠡ ᠪᠠᠷ ᠴᠢᠨᠢ ᠣᠨᠠᠨ ᠳᠤᠰᠤᠨ ᠭᠦᠶ‍ᠦᠭ᠍ᠰᠡᠨ ᠴᠤ

ᠠᠮᠢ ᠨᠠᠰᠤ ᠮᠢᠨᠢ ᠠᠯᠳᠠ ᠡᠴᠡ ᠦᠨᠡᠳᠠᠢ ᠰᠠᠨᠠᠭᠳᠠᠨ᠎ᠠ

ᠴᠡᠪᠠᠷᠭᠡᠨ ᠴᠢᠮ᠎ᠠ ᠪᠠᠨ ᠬᠠᠢ᠌ᠷᠠᠯᠠᠳᠠᠭ ᠤᠨ ᠣᠴᠢᠷ

ᠴᠡᠴᠡᠭ᠌ ᠬᠤᠸᠠᠷ ᠲᠤ ᠰᠡᠳᠭᠢᠯ ᠶᠠᠷᠤᠨᠢ ᠬᠤᠪᠢᠶᠠᠭᠳᠠᠬᠤ ᠦᠭᠡᠶ

ᠴᠠᠪᠠᠷ ᠠᠷᠢᠭᠤᠨ ᠪᠣᠳᠤᠯ ᠤᠨ ᠠᠭᠠᠷ ᠢ ᠴᠢᠨᠢ ᠠᠮᠢᠰᠬᠤᠵᠤ

ᠴᠠᠷᠪᠠᠨ ᠨᠢᠰᠭᠦ ᠰᠢᠪᠠᠭᠤ ᠪᠣᠯᠬᠤ ᠳᠤᠷᠠᠳᠠᠢ

ᠬᠤᠩᠭᠤᠷ ᠴᠢᠮ᠎ᠠ ᠶᠢ ᠪᠠᠨ ᠬᠠᠢ᠌ᠷᠠᠯᠠᠳᠠᠭ ᠤᠨ ᠣᠴᠢᠷ

ᠬᠤᠷᠸ᠎ᠡ ᠡᠴᠡ ᠭᠦᠰᠡᠭᠦ ᠶᠠᠭᠤᠮ᠎ᠠ ᠠᠯᠭ᠎ᠠ

ᠬᠠᠷ᠎ᠠ ᠠᠯᠠᠭ ᠨᠢᠳᠤᠨ ᠤ ᠴᠢᠨᠢ ᠰᠤᠷᠮᠤᠤᠰᠤᠨ ᠳᠡᠭᠡᠭᠦᠷ ᠭᠦᠶ‍ᠦᠵᠤ

ᠬᠤᠭ ᠳᠤᠭᠤᠰᠤ ᠬᠠᠷᠠᠭᠤᠯᠳᠠᠬᠤ ᠴᠡᠷᠢᠭ᠌ ᠪᠣᠯᠬᠤ ᠳᠤᠷᠠᠳᠠᠢ

ᠭᠡᠷᠭᠡᠢ ᠴᠢᠮ᠎ᠠ ᠶᠢ ᠪᠠᠨ ᠬᠠᠢ᠌ᠷᠠᠯᠠᠳᠠᠭ ᠤᠨ ᠣᠴᠢᠷ

ᠭᠡᠭᠡᠮᠰᠦᠭ᠌ ᠭᠤᠶᠤ ᠳᠦᠷᠢ ᠶᠢ ᠴᠢᠨᠢ

ᠭᠡᠳᠤᠨ ᠬᠤᠪᠢ ᠨᠡᠮᠡᠭ᠍ᠳᠡᠭᠦᠯᠳᠡᠭ᠌

ᠭᠦᠵᠦᠭᠦᠨ ᠳᠤ ᠪᠠᠨ ᠵᠡᠭᠦᠭ᠍ᠰᠡᠨ ᠰᠤᠠᠳᠤᠷ ᠤᠨ ᠴᠢᠨᠢ

ᠭᠡᠯᠭᠢᠶᠡᠰᠤ ᠨᠢ ᠪᠣᠯᠵᠤ ᠭᠢᠷᠦᠭᠡᠳᠡᠭ᠍ᠳᠡᠵᠤ ᠳᠠᠰᠤᠷᠠᠬᠤ ᠳᠤᠷᠠᠳᠠᠢ

ᠡᠩᠭᠦᠷᠡᠢ ᠴᠢᠮ᠎ᠠ ᠳᠤ ᠪᠠᠨ ᠬᠠᠢ᠌ᠷᠠᠳᠠᠢ ᠶᠢᠨ ᠣᠴᠢᠷ

ᠡᠷᠭᠢᠮ ᠵᠡᠷᠭᠡ᠂ ᠡᠳ᠋ ᠥᠩᠭᠡ ᠳᠤ ᠳᠤᠷᠠᠯᠠᠬᠤ ᠴᠤ ᠦᠭᠡᠶ ᠪᠢ

ᠢᠳᠠᠮ ᠬᠤᠷᠤᠭᠤᠨ ᠤ ᠴᠢᠨᠢ ᠪᠦᠭᠡᠵᠢ ᠪᠣᠯᠤᠨ ᠵᠡᠭᠦᠭ᠍ᠳᠡᠭᠡᠳ

ᠢᠳᠠᠷ ᠨᠠᠰᠤ ᠲᠡᠶ ᠴᠢᠨᠢ ᠬᠠᠮᠳᠤ ᠡᠯᠡᠭ᠍ᠳᠡᠵᠤ ᠨᠢᠮᠭᠡᠷᠡᠭᠦ ᠳᠤᠷᠠᠳᠠᠢ

ᠪᠣᠯᠪᠠᠷᠠᠢ ᠴᠢᠮ᠎ᠠ ᠶᠢ ᠪᠠᠨ ᠬᠠᠢ᠌ᠷᠠᠯᠠᠳᠠᠭ ᠤᠨ ᠣᠴᠢᠷ

ᠪᠠᠶᠠᠨ ᠰᠠᠷᠳ᠋ᠸᠠᠭᠢ ᠶᠢ ᠰᠠᠨᠠᠬᠤ ᠴᠤ ᠦᠭᠡᠶ ᠪᠢ

ᠪᠠᠶᠠᠷ ᠭᠤᠨᠢᠭ ᠢ ᠴᠢᠨᠢ ᠬᠤᠪᠢᠶᠠᠯᠴᠠᠵᠤ ᠡᠷᠭᠡᠯᠡᠳᠡᠭ᠌

ᠪᠠᠭᠠᠬᠠᠨ ᠠᠮᠢᠳᠠᠨ ᠴᠢᠨᠢ ᠪᠣᠯᠵᠤ ᠬᠠᠮᠳᠤ ᠪᠠᠢ᠌ᠬᠤ ᠳᠤᠷᠠᠳᠠᠢ

ᠴᠠᠢ᠌ᠯᠭᠠᠨ ᠴᠢᠮ᠎ᠠ ᠶᠢ ᠪᠠᠨ ᠬᠠᠢ᠌ᠷᠠᠯᠠᠳᠠᠭ ᠤᠨ ᠣᠴᠢᠷ

ᠴᠠᠭ ᠲᠦᠷᠦ ᠶᠢᠨ ᠥᠩᠭᠡ ᠳᠤ ᠨᠢᠳᠤ ᠡᠷᠢᠶᠡᠯᠵᠡᠭᠦ ᠴᠤ ᠦᠭᠡᠶ

ᠴᠢᠭᠡᠴᠢ ᠬᠠᠢ᠌ᠷ᠎ᠠ ᠶᠢᠨ ᠲᠦᠯᠦ ᠳᠤ ᠴᠢᠨᠢ ᠳᠦᠯᠡᠭ᠍ᠳᠡᠵᠤ

ᠴᠠᠯ ᠪᠣᠭᠤᠷᠤᠯ ᠪᠣᠯᠳᠠᠯ᠎ᠠ ᠪᠠᠨ ᠰᠢᠳᠠᠵᠤ ᠠᠮᠢᠳᠤᠷᠠᠬᠤ ᠳᠤᠷᠠᠳᠠᠢ

ᠥᠳᠡᠯᠡᠭᠦ ᠶᠢᠨ ᠥᠵᠦᠭᠦᠷ

ᠥᠷᠦᠭᠡᠰᠤᠨ ᠰᠢᠳᠤ ᠮᠢᠨᠢ ᠦᠯᠠᠳᠠᠨ᠎ᠠ

ᠥᠭᠦᠭᠦ ᠶᠢᠨ ᠴᠠᠭ ᠲᠤ

ᠥᠵᠡᠭᠦ ᠨᠢᠳᠤᠨ ᠤ ᠬᠠᠷᠠᠴᠠ ᠮᠢᠨᠢ ᠭᠡᠷᠡᠯᠳᠦᠨ᠎ᠡ

ᠡᠳᠡᠭᠡᠷ ᠪᠦᠭᠦᠨ ᠴᠦᠮ

ᠡᠩᠭᠦᠷᠡᠢ ᠴᠢᠮ᠎ᠠ ᠳᠤ ᠪᠠᠨ ᠭᠡᠯᠡᠭ᠍ᠰᠡᠨ

ᠡᠭᠦᠷᠢᠳᠡ ᠴᠢᠮ᠎ᠠ ᠳᠤ ᠬᠠᠢ᠌ᠷᠠᠳᠠᠢ ᠭᠡᠰᠡᠨ

ᠡᠴᠦᠰ ᠤᠨ ᠨᠢᠭᠡ ᠥᠭᠡ ᠶᠤᠮ


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤᠨ ᠤ ᠭᠠᠬᠠᠢ᠌ᠳᠤ ᠳᠤᠮᠳᠠᠳᠤ ᠰᠤᠷᠭᠠᠭᠤᠯᠢ

ᠵᠤᠬᠢᠶᠠᠭᠴᠢ᠄ ᠭᠦᠭᠡ‍ᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2644
ᠴᠠᠭ᠄ 2010 ᠤᠨ ᠤ 01 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ