ᠨᠡᠪᠲᠡᠷᠡᠨ ᠤᠷᠤᠬᠤ
ᠮᠢᠨᠤ ᠮᠤᠩᠭ᠋ᠤᠯ ᠤᠨ ᠰᠠᠯᠭᠢ

ᠠᠭᠤᠯᠠᠰ ᠨᠢ ᠡᠪᠦᠭᠡᠳ ᠰᠢᠭ᠌ ᠳᠠᠢ᠌ᠪᠣᠩᠬᠠᠨ ᠳᠤᠷᠣᠢ᠌ᠵᠤ

ᠳᠠᠯ᠎ᠠ ᠨᠢ ᠠᠶᠠᠰ ᠰᠢᠭ ᠰᠤᠨᠤᠭᠰᠠᠨ

ᠮᠢᠨᠤ ᠮᠤᠩᠭ᠋ᠤᠯ ᠤᠨ ᠰᠠᠯᠭᠢ

ᠳᠠᠭᠠᠨ᠎ᠠ ᠶᠢᠨ ᠣᠷᠤᠢ ᠪᠠᠷ ᠪᠦᠵᠢᠭᠯᠡᠭ᠍ᠰᠡᠭᠡᠷ ᠢᠷᠠᠵᠤ

ᠭᠡᠷ ᠤᠨ ᠰᠡᠭᠦᠳᠡᠷ ᠲᠤ ᠳᠡᠭᠦᠤ ᠲᠡᠶ ᠮᠢᠨᠢ ᠳᠤᠭᠯᠠᠨ᠎ᠠ

ᠬᠠᠶᠠ ᠪᠠᠰᠠ ᠠᠯᠢᠶᠠᠷᠬᠠᠵᠤ ᠳᠤᠭᠤᠨᠤ ᠪᠠᠷ ᠰᠢᠷᠭᠤᠴᠢᠨ

ᠴᠡᠭᠡᠵᠢ ᠣᠩᠬᠤᠯᠢᠭᠤᠯᠵᠤ ᠡᠭᠦᠳᠡ ᠪᠠᠷ ᠵᠠᠪᠰᠠᠷᠯᠠᠨ᠎ᠠ

ᠳᠡᠷᠳᠡᠭᠡ ᠶᠢ ᠰᠠᠷᠠᠪᠴᠢᠯᠠᠬᠤ ᠳᠤ ᠵᠡᠷᠭᠡᠯᠭᠡᠨ ᠳᠤ ᠡᠷᠭᠡᠯᠡᠵᠤ

ᠳᠡᠭ᠍ᠷᠢ ᠳᠠᠯ᠎ᠠ ᠶᠢᠨ ᠣᠪᠣᠭᠠᠨ ᠳ᠋ᠤ

ᠭᠡᠢ᠌ᠮᠦᠷᠢ ᠳᠠᠯᠠᠯᠤᠨ ᠠᠮᠢᠯᠠᠨ᠎ᠠ

ᠬᠤᠨᠢᠨ ᠳᠤ ᠶᠠᠪᠣᠭᠰᠠᠨ ᠡᠭᠡᠴᠢᠮᠡᠳ ᠤᠨ ᠭᠡᠵᠢᠭᠡᠨ ᠫᠠᠩᠰᠠ ᠪᠠᠷ ᠳᠤᠭᠯᠠᠬᠤ ᠳ᠋ᠤᠨᠢ

ᠭᠡᠨ ᠳᠤ ᠴᠤ ᠭᠡᠯᠡᠳᠡᠭ᠌ ᠦᠭᠡᠶ ᠨᠢᠭᠤᠴᠠ ᠰᠡᠳᠭᠢᠯ ᠳᠤ ᠰᠤᠶᠤᠭᠠᠯᠠᠵᠤ ᠮᠥᠩᠭᠡᠷᠡᠨ᠎ᠡ

ᠠᠳᠤᠭᠤᠳ ᠤᠨ ᠭᠢᠯᠭᠠᠰᠤ ᠪᠠᠷ ᠣᠷᠴᠢᠯᠠᠩ ᠤᠨ ᠠᠶᠠᠯᠭᠤ ᠡᠭᠡᠰᠢᠭᠯᠡᠵᠤ

ᠠᠯᠤᠰ ᠤᠨ ᠭᠤᠪᠢ ᠪᠠᠷ ᠪᠣᠳᠤᠭᠤ ᠶᠢᠨ ᠭᠤᠩᠭᠢᠨᠠᠭ᠎ᠠ ᠡᠷᠭᠢᠴᠡᠳᠡᠭ᠌

ᠮᠢᠨᠤ ᠮᠤᠩᠭ᠋ᠤᠯ ᠤᠨ ᠰᠠᠯᠭᠢ

ᠠᠷᠢᠭᠤᠨ ᠭᠡᠭᠦ ᠳᠤ ᠰᠥ᠋ ᠰᠢᠭ᠌

ᠳᠡᠭ᠍ᠵᠢᠨ ᠭᠡᠭᠦ ᠳᠤ ᠣᠨᠠᠭ᠎ᠠ ᠰᠢᠭ

ᠦᠷᠯᠦᠭᠡ ᠪᠦᠷᠢ ᠵᠠᠯᠠᠨ ᠡᠴᠡ ᠡᠵᠢ ᠶᠢ ᠮᠢᠨᠢ ᠬᠤᠷᠮᠤᠢ᠌ᠳᠠᠭᠰᠠᠭᠠᠷ ᠢᠷᠠᠵᠤ ᠨᠠᠳᠠ ᠶᠢ ᠰᠡᠷᠡᠭᠡᠨ

ᠦᠳᠡᠰᠢ ᠪᠦᠷᠢ ᠣᠳᠤᠨ ᠤ ᠠᠨᠢᠪᠴᠢᠨ ᠳᠤ ᠰᠡᠳᠭᠢᠯ ᠲᠡᠶ ᠮᠢᠨᠢ ᠬᠠᠮᠳᠤ ᠬᠠᠨᠢᠰᠠᠵᠤ

ᠠᠪᠣ ᠶᠢᠨ ᠮᠢᠨᠢ ᠦᠨᠦᠷ ᠢ ᠠᠯᠤᠰ ᠤᠨ ᠠᠯᠤᠰ ᠡᠴᠠ ᠠᠪᠴᠢᠷᠠᠵᠤ

ᠠᠷᠤ ᠶᠢᠨ ᠠᠭᠤᠯᠠ ᠶᠢᠨ ᠴᠢᠯᠠᠭᠤᠨ ᠳᠤ ᠡᠳᠦᠷᠵᠢᠨ ᠮᠢᠨᠤ ᠳᠤᠬᠠᠢ ᠶᠠᠷᠢᠳᠠᠭ

ᠠᠭᠤᠤ ᠮᠤᠩᠭ᠋ᠤᠯ ᠤᠨ ᠮᠢᠨᠢ ᠰᠠᠯᠭᠢ

ᠠᠮᠢᠳᠤᠷᠠᠯ ᠤᠨ ᠳᠤᠯᠤᠭᠠᠨ ᠡᠭᠡᠰᠢᠭ᠌

ᠠᠮᠢᠯᠠᠯ ᠤᠨ ᠴᠡᠭᠡᠯᠭᠡᠨ ᠤᠶᠠᠩ‍ᠭ᠎ᠠ


᠊᠊᠊᠊᠊᠊᠊᠊᠊᠊᠊᠊᠊᠊᠊ 2010 ᠣᠨ ᠤ 1 ᠰᠠᠷ᠎ᠠ ᠳᠤ᠂ ᠬᠠᠢ᠌ᠯᠠᠷ ᠳᠤ


ᠵᠤᠬᠢᠶᠠᠭᠴᠢ ᠶᠢᠨ ᠬᠠᠶ‍ᠢᠭ᠄ ᠭᠦᠯᠤᠨ ᠪᠣᠢ᠌ᠷ ᠳᠡᠭᠡᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ·ᠳᠤᠤᠯᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2730
ᠴᠠᠭ᠄ 2010 ᠤᠨ ᠤ 09 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ