ᠨᠡᠪᠲᠡᠷᠡᠨ ᠤᠷᠤᠬᠤ
ᠬᠤᠪᠠᠯᠵᠠ

ᠮᠠᠩᠨᠤᠭ ᠳᠠᠯ᠎ᠠ ᠳᠤ ᠣᠷᠢᠬᠠᠨ ᠬᠠᠪᠣᠷ ᠢᠷᠡᠭᠦ ᠲᠡᠶ ᠵᠡᠷᠭᠡ

ᠮᠢᠬᠠᠨ ᠳᠤ ᠰᠢᠭᠢᠦᠡᠳᠡᠭ᠌ ᠱᠠᠯᠵᠠ ᠭᠠᠷᠤᠭᠠᠤᠨ ᠢᠷᠡᠴᠢᠭᠡᠳᠡᠭ᠌

ᠰᠠᠯᠭᠢᠨ ᠤ ᠢᠳᠠ ᠪᠠᠷ ᠨᠠᠰᠢ ᠴᠠᠰᠢ ᠭᠡᠢ᠌ᠰᠴᠤ

ᠰᠠᠢ᠌ᠬᠠᠨ ᠭᠤᠷᠢᠳᠠᠯ ᠶᠢᠡᠨ ᠮᠠᠯ ᠠᠳᠤᠭᠤᠰᠤ ᠳᠤ ᠴᠢᠭᠯᠡᠭᠦᠯᠳᠡᠭ᠌

ᠬᠠᠵᠠᠬᠤ ᠠᠮᠠ ᠨᠢ ᠶᠠᠭᠤᠮ᠎ᠠ ᠠᠮᠳᠠᠯᠠᠬᠤ ᠦᠭᠡᠶ ᠪᠣᠯ

ᠬᠠᠷ᠎ᠠ ᠰᠠᠪᠠᠷ ᠨᠢ ᠳᠠᠰᠴᠤ ᠶᠠᠳᠠᠨ ᠠᠷᠵᠠᠭᠠᠨᠠᠨ᠎ᠠ

ᠬᠠᠮᠢᠭ᠎ᠠ ᠨᠢᠭᠡ ᠮᠠᠯ ᠠᠳᠤᠭᠤ ᠳᠠᠭᠠᠷᠠᠪᠠᠯ

ᠬᠠᠮᠤᠭ ᠴᠢᠳᠠᠯ ᠶᠢᠡᠷ ᠦᠰᠦ ᠨᠤᠤᠰᠤᠨ ᠳ᠋ᠤᠨᠢ ᠰᠢᠷᠭᠤᠨ᠎ᠠ

ᠨᠤᠤᠰᠤᠨ ᠳ᠋ᠤᠨᠢ ᠰᠢᠷᠭᠤᠵᠤ ᠣᠷᠤᠨ ᠪᠠᠢ᠌ᠷᠢ ᠪᠠᠨ ᠣᠯᠤᠭᠰᠠᠭᠠᠷ

ᠠᠷᠠᠰᠤᠨ ᠳ᠋ᠤᠨᠢ ᠵᠠᠭᠤᠷᠠᠵᠤ ᠰᠢᠪᠦᠭᠡ ᠬᠤᠩᠰᠢᠶᠠᠷ ᠶᠢᠡᠨ ᠬᠠᠳᠬᠤᠨ᠎ᠠ

ᠬᠠᠷᠠᠵᠤ ᠪᠠᠢ᠌ᠳᠠᠯ ᠬᠠᠪᠳᠠᠭᠠᠢ ᠱᠠᠯᠵᠠ ᠬᠤᠪᠠᠯᠵᠠ ᠪᠣᠯᠴᠢᠬᠠᠨ᠎ᠠ

ᠬᠠᠯᠠᠭᠤᠨ ᠴᠢᠰᠤ ᠪᠠᠷ ᠬᠠᠯᠢᠰᠤᠳᠤ ᠭᠡᠳᠡᠰᠤ ᠪᠠᠨ ᠳᠦᠭᠦᠷᠭᠡᠨ᠎ᠡ

ᠰᠢᠠᠵᠢᠵᠤ ᠦᠵᠡᠪᠠᠯ ᠬᠤᠪᠠᠯᠵᠠ ᠭᠡᠭ᠍ᠴᠢ ᠶᠢᠨ ᠵᠠᠶᠠᠭ᠎ᠠ ᠮᠠᠭᠤ

ᠰᠢᠮᠠᠵᠤ ᠴᠢᠳᠠᠪᠠᠴᠤ ᠰᠢᠩᠭᠡᠭᠡᠵᠤ ᠴᠢᠳᠠᠬᠤ ᠦᠭᠡᠶ ᠵᠤᠪᠠᠨ᠎ᠠ

ᠮᠠᠯ ᠠᠳᠤᠭᠤ ᠳᠠᠭᠢ ᠪᠠᠨ ᠭᠡᠭᠡᠵᠤ ᠭᠤᠤᠵᠢᠨ᠎ᠠ

ᠮᠢᠬᠠᠴᠢᠨ ᠱᠠᠯᠵᠠ ᠣᠷᠤᠬᠤ ᠭᠠᠵᠠᠷ ᠦᠭᠡᠶ ᠢᠯᠠᠷᠠᠨ᠎ᠠ

ᠴᠠᠭᠢᠯᠭᠠᠨ ᠴᠠᠭᠢᠯᠵᠤ ᠬᠠᠪᠣᠷ ᠤᠨ ᠳᠡᠭ᠍ᠷᠢ ᠨᠢᠵᠢᠭᠢᠨᠠᠪᠠ

ᠴᠢᠰᠤᠨ ᠭᠡᠳᠡᠰᠦᠳᠤ ᠭᠦᠯ ᠠᠯᠳᠠᠨ ᠣᠨᠠᠪᠠ

ᠪᠦᠳᠦᠭᠦᠨ ᠭᠡᠳᠡᠰᠦᠳᠤ ᠡ᠊ᠨᠳᠡ ᠳᠠᠠᠳᠠ ᠪᠦᠮᠪᠦᠷᠢᠨ᠎ᠡ

ᠪᠦᠭᠦᠳᠡ ᠶᠢᠨ ᠭᠦᠯ ᠳᠤ ᠪᠢᠯᠳᠠ ᠨᠢᠯᠳᠠ ᠭᠢᠰᠭᠢᠭ᠍ᠳᠡᠨ᠎ᠡ᠃


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠭᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 01 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ