ᠨᠡᠪᠲᠡᠷᠡᠨ ᠤᠷᠤᠬᠤ
ᠪᠣᠳᠤᠷᠤᠤᠯ

ᠠᠪᠣ ᠶᠢᠨ ᠳᠤᠬᠠᠢ ᠰᠢᠯᠦᠭ᠌ ᠢ

ᠠᠯᠳᠠᠯ ᠦᠭᠡᠶ ᠣᠯᠠᠨ ᠣᠩᠰᠢᠯ᠎ᠠ ᠴᠤ

ᠢᠷᠠᠭᠤ ᠨᠠᠢ᠌ᠷᠠᠭ ᠤᠨ ᠪᠠᠳᠠᠭ ᠤᠳ ᠰᠢᠭ᠌ ᠨᠢ

ᠠᠰᠠᠷᠠᠵᠤ ᠴᠢᠳᠠᠭᠰᠠᠨ ᠨᠢ ᠬᠠᠮᠢᠭ᠎ᠠ ᠪᠠᠢ᠌ᠨᠠᠮ᠂


ᠡᠵᠢ ᠶᠢᠨ ᠳᠤᠬᠠᠢ ᠳᠠᠭᠤᠤ ᠨᠤᠭᠤᠳ ᠢ

ᠡᠭ᠍ᠰᠢᠳᠡᠯ᠎ᠡ ᠣᠯᠠᠨ ᠳᠠᠭᠤᠯᠠᠯ᠎ᠠ ᠴᠤ

ᠦᠨᠡᠨ ᠳᠠᠷᠠ ᠳᠠᠭᠤᠯᠠᠯ ᠰᠢᠭ ᠨᠢ

ᠡᠨᠡᠷᠢᠵᠤ ᠴᠢᠳᠠᠭᠰᠠᠨ ᠨᠢ ᠬᠠᠮᠢᠭ᠎ᠠ ᠪᠠᠢ᠌ᠨᠠᠮ


ᠬᠤᠯᠠ᠂ ᠬᠤᠯᠠ ᠭᠡᠵᠤ ᠪᠣᠳᠤᠭᠰᠠᠨ ᠴᠤ

ᠬᠤᠯᠠ ᠶᠠᠪᠣᠭᠰᠠᠨ ᠨᠢ ᠬᠠᠮᠢᠭ᠎ᠠ ᠪᠠᠢ᠌ᠨᠠᠮ᠂

ᠬᠤᠷᠸ᠎ᠠ ᠶᠢᠨ ᠭᠡᠰᠡᠭ᠍ᠭᠡᠨ ᠵᠠᠢ

ᠭᠦᠳᠡᠭᠡ ᠨᠤᠳᠤᠭ ᠳᠠᠭᠠᠨ ᠯᠠ ᠡᠷᠭᠢᠯᠳᠦᠨᠡᠮ᠂


ᠦᠨᠳᠦᠷ ᠲᠤ᠂ ᠦᠨᠳᠦᠷ ᠲᠤ ᠭᠡᠵᠤ ᠰᠠᠨᠠᠭᠰᠠᠨ ᠴᠤ

ᠦᠨᠳᠦᠷ ᠲᠤ ᠭᠠᠷᠤᠭᠰᠠᠨ ᠨᠢ ᠬᠠᠮᠢᠭ᠎ᠠ ᠪᠠᠢ᠌ᠨᠠᠮ᠂

ᠣᠷᠭᠢᠯ ᠪᠣᠷᠭᠢᠯ ᠬᠠᠢ᠌ᠷᠬᠠᠨ ᠤ

ᠦᠯᠮᠡᠢ ᠳ᠋ᠤᠨᠢ ᠭᠦᠷᠦᠭᠡ ᠦᠭᠡᠶ ᠳᠠᠢ᠌ᠴᠢᠯᠠᠨᠠᠮ︕

              2010.11


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ