ᠨᠡᠪᠲᠡᠷᠡᠨ ᠤᠷᠤᠬᠤ
ᠮᠤᠩᠭ᠋ᠤᠯ ᠢᠰᠡᠭᠡᠢ

ᠨᠠᠢ᠌ᠷᠰᠠᠭ ᠣᠯᠠᠨ ᠪᠦᠰᠡᠭᠦᠢ᠌ᠳ ᠤᠨ

ᠨᠢᠮᠪᠠᠢ ᠵᠤᠯᠠᠭᠰᠠᠨ ᠤ ᠪᠦᠳᠦᠭᠡᠮᠡᠯ

ᠨᠤᠮᠤ ᠰᠠᠪᠠᠭ᠎ᠠ ᠪᠠᠷ ᠰᠡᠪᠰᠡᠭᠡᠷᠵᠢᠭ᠍ᠰᠡᠨ

ᠨᠠᠷᠢᠯᠢᠭ ᠮᠢᠠᠳᠠᠰᠤ ᠶᠢᠨ ᠨᠠᠢ᠌ᠯᠠᠮᠠᠯ

ᠬᠠᠯᠠᠭᠤᠨ ᠣᠰᠤ ᠪᠠᠷ ᠱᠠᠪᠰᠢᠭᠤᠯᠵᠤ

ᠥᠩᠭᠦᠷᠢᠭᠦᠯᠳᠡᠵᠤ ᠳᠠᠷᠤᠭᠰᠠᠨ ᠤ ᠨᠢᠭᠳᠠᠷᠠᠯ

ᠬᠠᠨᠠᠭᠠᠷ ᠳᠠᠯ᠎ᠠ ᠶᠢᠨ ᠳᠠᠠᠵᠢᠨ ᠳ᠋ᠠᠭᠢ

ᠦᠯᠵᠡᠢ᠌ᠳᠤ ᠡᠳᠦᠷ ᠤᠨ ᠪᠠᠶᠠᠯᠠᠯ

ᠬᠠᠯᠠᠭᠤᠨ ᠬᠤᠰᠢᠭᠤᠳᠤ ᠬᠤᠨᠢᠨ ᠤ ᠮᠢᠨᠢ

ᠬᠠᠪᠣᠯᠢᠭ ᠭᠠᠷᠤᠯᠳᠠ ᠶᠢᠨ ᠭᠢᠨ ᠪᠦᠳᠦᠭᠡᠭ᠍ᠳᠡᠭᠦᠨ

ᠬᠠᠢ᠌ᠷᠠᠳᠤ ᠮᠤᠩᠭ᠋ᠤᠯ ᠣᠷᠤᠨ ᠤ ᠮᠢᠨᠢ

ᠬᠠᠳᠠᠭᠠᠯᠵᠤ ᠭᠦᠭ᠍ᠵᠢᠭᠦᠯᠦᠭ᠍ᠰᠡᠨ ᠦᠪ

ᠮᠤᠷᠢᠳᠠᠨ ᠮᠤᠩᠭ᠋ᠤᠯ ᠶᠠᠰᠤᠳᠠᠨ ᠤ ᠮᠢᠨᠢ

ᠮᠠᠯᠵᠢᠬᠤ ᠠᠮᠢᠳᠤᠷᠠᠯ ᠤᠨ ᠴᠢᠮᠡᠭ᠌

ᠮᠠᠩᠨᠤᠭ ᠳᠠᠯ᠎ᠠ ᠶᠢᠨ ᠨᠡᠭᠦᠳᠡᠯᠴᠢᠨ ᠤ ᠮᠢᠨᠢ

ᠮᠠᠠᠳᠤ ᠳᠤᠯᠠᠭᠠᠨ ᠤ ᠪᠠᠳᠤᠯᠭ᠎ᠠ

ᠳᠠᠯ᠎ᠠ ᠪᠠᠷ ᠳᠦᠭᠦᠷᠭᠦ ᠭᠡᠷ ᠤᠨ ᠭᠢᠨᠢ

ᠳᠠᠨᠠᠨ ᠴᠠᠭᠠᠨ ᠪᠦᠷᠢᠶᠡᠰᠤ

ᠳᠡᠭ᠍ᠷᠢᠯᠢᠭ᠌ ᠳᠡᠭᠡᠳᠦᠰ ᠤᠨ ᠦᠶ᠎ᠡ ᠡᠴᠠ

ᠳᠡᠦᠭᠡᠯᠡᠵᠤ ᠪᠦᠳᠦᠭᠡᠭ᠍ᠰᠡᠨ ᠡᠭᠦᠳᠦᠯᠳᠡ

ᠬᠠᠭᠢᠷ ᠡᠪᠦᠯ ᠤᠨ ᠭᠦᠢᠳᠡᠨ ᠳ᠋ᠤ

ᠬᠠᠷᠴᠤ ᠠᠷᠠᠤᠨ ᠤᠨ ᠳᠤᠯᠠᠭᠠᠯᠭ᠎ᠠ

ᠬᠠᠢ᠌ᠷᠠᠮ᠎ᠠ ᠵᠤᠨ ᠤ ᠬᠠᠯᠠᠭᠤᠨ ᠳ᠋ᠤ

ᠬᠤᠷᠴᠠ ᠭᠡᠷᠡᠯ ᠤᠨ ᠬᠠᠯᠬᠠᠪᠴᠢ

ᠠᠢ᠌ᠯ ᠬᠤᠳᠠ ᠪᠦᠭᠦᠨ ᠤ ᠮᠢᠨᠢ

ᠠᠮᠢᠨ ᠬᠤᠯᠪᠣᠭᠠᠳᠤ ᠡᠳ᠋ᠯᠡᠯ

ᠠᠩᠭ᠎ᠠ ᠨᠢᠯᠬ᠎ᠠ ᠶᠢᠨ ᠪᠠᠭ᠎ᠠ ᠳᠤ ᠨᠢ

ᠠᠯᠬᠤᠭᠤᠯᠵᠤ ᠰᠤᠷᠭᠠᠳᠠᠭ ᠪᠣᠢ᠌ᠪᠣᠭ

ᠭᠦᠭ᠍ᠰᠢᠨ ᠵᠠᠯᠠᠭᠤ ᠲᠦᠮᠡᠨ ᠤ

ᠭᠦᠢᠳᠡᠨ ᠳᠤ ᠡᠮᠦᠰᠳᠡᠭ᠌ ᠭᠤᠳᠤᠯ

ᠠᠵᠢᠨᠠᠢ ᠭᠦᠯᠦᠭ᠌ ᠤᠨ ᠨᠢᠷᠤᠭᠤᠨ ᠳ᠋ᠠᠭᠢ

ᠠᠯᠳᠠᠨ ᠡᠮᠡᠭᠡᠯ ᠤᠨ ᠭᠢᠨᠢ ᠳᠤᠬᠤᠮ

ᠠᠳᠠᠨ ᠳᠡᠮᠡᠭᠡᠨ ᠤ ᠪᠦᠭᠦᠨ ᠳ᠋ᠠᠭᠢ

ᠠᠰᠢᠳᠠᠢ᠌ᠬᠠᠨ ᠣᠷᠠᠯᠠᠭᠰᠠᠨ ᠳᠤᠬᠤᠰᠢ

ᠠᠳᠤᠭᠤ ᠮᠠᠯ ᠨᠢ ᠵᠢᠩᠳᠡᠭᠦ ᠳ᠋ᠤ

ᠠᠮᠤᠷ ᠮᠠᠠᠳᠤ ᠶᠢᠨ ᠨᠡᠮᠨᠡᠭᠡ

ᠲᠦᠮᠡᠨ ᠰᠥᠷᠦᠭ᠌ ᠶᠢᠡᠨ ᠥᠰᠭᠡᠭᠦ ᠳ᠋ᠤ

ᠳᠦᠯ ᠮᠠᠯ ᠤᠨ ᠭᠢᠨᠢ ᠳᠠᠭᠳᠤ

ᠳᠠᠯᠠᠩᠳᠤ ᠠᠷᠭᠠᠯ ᠶᠢᠡᠨ ᠬᠠᠭᠤᠷᠠᠢ᠌ᠯᠠᠬᠤ ᠳ᠋ᠤ

ᠳᠠᠷᠤᠭᠠᠤᠨ ᠳᠠᠯᠪᠢᠴᠢᠬᠠᠳᠠᠭ ᠪᠦᠳᠦᠭᠡᠯᠭᠡ

ᠬᠡ ᠣᠭᠠᠯᠵᠠ ᠰᠢᠷᠢᠭ᠍ᠰᠡᠨ

ᠬᠠᠠᠵᠤ ᠬᠣᠢ᠌ᠮᠤᠷ ᠤᠨ ᠰᠢᠷᠳᠡᠭ᠌

ᠭᠡᠭᠡᠷ᠎ᠡ ᠬᠤᠯᠠ ᠠᠶᠠᠯᠠᠬᠤ ᠳ᠋ᠤ

ᠬᠠᠰᠠᠭᠳᠤ ᠮᠤᠬᠤᠯᠠᠭ ᠤᠨ ᠪᠦᠷᠭᠦᠭᠦᠯ

ᠨᠢ᠋ᠮᠠᠨ ᠬᠠᠨᠠᠳᠤ ᠪᠠᠨ ᠳᠠᠭᠠᠵᠤ

ᠨᠤᠳᠤᠭ ᠶᠢᠡᠨ ᠰᠠᠭᠢᠭᠰᠠᠨ ᠪᠠᠭᠠᠳᠤᠷ

ᠨᠤᠷᠴᠤ ᠰᠢᠷᠠᠭᠳᠠᠬᠤ ᠶᠢᠨ ᠬᠠᠯᠠ ᠳᠤ

ᠨᠤᠯᠳᠠᠷᠠᠰᠢ ᠦᠭᠡᠶ ᠳᠠᠭᠠᠭᠠᠴᠠ

ᠮᠠᠭᠳᠠᠭᠠᠤᠨ ᠪᠠᠷᠠᠰᠢ ᠦᠭᠡᠶ ᠭᠡᠷᠡᠭ᠍ᠴᠡᠭᠡ ᠳᠠᠢ

ᠮᠤᠩᠭ᠋ᠤᠯ ᠢᠰᠡᠭᠡᠢ ᠭᠡᠭ᠍ᠴᠢ ᠡᠨᠡ ᠪᠠᠢ᠌ᠨᠠᠮ

ᠮᠠᠭᠠᠳᠯᠠᠵᠤ ᠭᠡᠯᠡᠪᠠᠯ 《ᠰᠢᠷ᠎ᠠ ᠢᠰᠡᠭᠡᠢ》 ᠨᠢ ᠴᠤ

ᠮᠤᠩᠭ᠋ᠤᠯ ᠣᠷᠤᠨ ᠳᠠᠭᠠᠨ ᠭᠢᠮᠠᠭ᠎ᠠ ᠶᠤᠮ

ᠢᠰᠡᠭᠡᠢ ᠳᠤᠭᠤᠷᠭᠠᠳᠠᠨ ᠶᠢᠡᠨ ᠢᠪᠠᠭᠡᠭ᠍ᠰᠡᠨ

ᠢᠰᠡᠭᠡᠢ ᠶᠢᠨ ᠣᠢ᠌ᠯᠠᠳᠤᠯ ᠭᠡᠭ᠍ᠴᠢ ᠡᠨᠡ ᠪᠠᠢ᠌ᠨᠠᠮ

ᠨᠠᠷᠠᠳᠤ ᠮᠤᠩᠭ᠋ᠤᠯ ᠤᠨ ᠮᠢᠨᠢ ᠢᠰᠡᠭᠡᠢ

ᠨᠠᠷᠠᠳᠤ ᠶᠢᠨ ᠵᠠᠢ᠌ᠨ ᠳᠤ ᠮᠥᠩᠭᠡᠵᠢᠭᠦ ᠪᠣᠯᠳᠤᠭᠠᠢ︕


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠭᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2010 ᠤᠨ ᠤ 03 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ