ᠨᠡᠪᠲᠡᠷᠡᠨ ᠤᠷᠤᠬᠤ
ᠭᠦᠭᠡ ᠳᠡᠭ᠍ᠷᠢ ᠲᠤ ᠪᠠᠨ ᠳᠠᠭᠠᠳᠬᠠᠶ᠎ᠠ

ᠳᠠᠯ᠎ᠠ ᠨᠤᠳᠤᠭ ᠮᠢᠨᠢ ᠦᠨᠢᠷ ᠪᠠᠶᠠᠨ ᠪᠠᠢ᠌ᠬᠤ ᠶᠢ ᠳᠠᠭᠠᠳᠬᠠᠶ᠎ᠠ

ᠳᠠᠪᠤᠨ ᠬᠤᠰᠢᠭᠤ ᠮᠠᠯ ᠮᠢᠨᠢ ᠳᠠᠷᠭᠤ ᠭᠦᠴᠤ ᠲᠡᠶ ᠪᠠᠢ᠌ᠬᠤ ᠶᠢ ᠳᠠᠭᠠᠳᠬᠠᠶ᠎ᠠ

ᠳᠠᠷᠠᠭ ᠠᠢ᠌ᠷᠠᠭ ᠦᠣᠡᠭᠡᠷᠡᠵᠤ ᠪᠠᠢ᠌ᠬᠤ ᠶᠢ ᠳᠠᠭᠠᠳᠬᠠᠶ᠎ᠠ

ᠳᠠᠨ᠎ᠠ ᠮᠠᠨᠠᠢ᠌ᠭᠢ ᠨᠠᠢ᠌ᠷᠰᠠᠭ ᠶᠠᠪᠣᠯᠴᠠᠬᠤ ᠶᠢ ᠳᠠᠭᠠᠳᠬᠠᠶ᠎ᠠ


ᠠᠭᠤᠯᠠ  ᠬᠠᠢ᠌ᠷᠬᠠᠨ ᠮᠢᠨᠢ ᠭᠦᠷᠦᠭᠡᠰᠤ ᠲᠡᠶ ᠪᠠᠢ᠌ᠬᠤ ᠶᠢ ᠳᠠᠭᠠᠳᠬᠠᠶ᠎ᠠ

ᠠᠭᠤᠳᠠᠮ ᠳᠠᠯ᠎ᠠ ᠮᠢᠨᠢ ᠨᠤᠭᠤᠭᠠᠨ ᠶᠢᠡᠷ ᠶᠢᠡᠨ ᠪᠠᠢ᠌ᠬᠤ ᠶᠢ ᠳᠠᠭᠠᠳᠬᠠᠶ᠎ᠠ

ᠣᠰᠤ ᠭᠤᠤᠯ ᠮᠢᠨᠢ ᠳᠤᠩᠭ᠋ᠠᠯᠠᠭ ᠪᠠᠢ᠌ᠬᠤ ᠶᠢ ᠳᠠᠭᠠᠳᠬᠠᠶ᠎ᠠ

ᠣᠷᠭᠤᠮᠠᠯ ᠡᠪᠠᠰᠤ ᠨᠢ ᠰᠢᠮᠡᠯᠢᠭ᠌ ᠪᠠᠢ᠌ᠬᠤ ᠶᠢ ᠳᠠᠭᠠᠳᠬᠠᠶ᠎ᠠ


ᠮᠠᠯ ᠰᠦᠷᠦᠭ᠌ ᠶᠢᠡᠨ ᠠᠷᠠᠴᠢᠯᠠᠵᠤ ᠥᠰᠭᠡᠭᠦ ᠶᠢ ᠳᠠᠭᠠᠳᠬᠠᠶ᠎ᠠ

ᠮᠠᠨᠠᠨ ᠭᠦᠭᠦᠷ ᠶᠢᠡᠨ ᠰᠤᠯᠢᠯᠴᠠᠵᠤ ᠶᠠᠪᠣᠬᠤ ᠶᠢ ᠳᠠᠭᠠᠳᠬᠠᠶ᠎ᠠ

ᠮᠢᠬ᠎ᠠ ᠱᠦᠯᠦ ᠪᠠᠷ ᠶᠢᠡᠨ ᠳᠠᠢ᠌ᠯᠠᠵᠤ ᠶᠠᠪᠣᠬᠤ ᠶᠢ ᠳᠠᠭᠠᠳᠬᠠᠶ᠎ᠠ

ᠮᠠᠩᠬᠠᠨ ᠨᠤᠳᠤᠭ ᠶᠢᠡᠨ ᠬᠠᠢ᠌ᠷᠯᠠᠵᠤ ᠶᠠᠪᠣᠬᠤ ᠶᠢ᠌ ᠳᠠᠭᠠᠳᠬᠠᠶ᠎ᠠ


ᠬᠤᠪᠳᠤᠭ ᠰᠠᠨᠠᠭ᠎ᠠ ᠭᠡᠴᠡᠭᠦᠳᠡᠭᠦ ᠦᠭᠡᠶ ᠪᠠᠢ᠌ᠬᠤ ᠶᠢ ᠳᠠᠭᠠᠳᠬᠠᠶ᠎ᠠ

ᠬᠤᠳᠠᠯ ᠬᠤᠯᠠᠭᠠᠢ ᠣᠯᠠᠰᠢᠷᠠᠬᠤ ᠦᠭᠡᠶ ᠪᠠᠢ᠌ᠬᠤ ᠶᠢ ᠳᠠᠭᠠᠳᠬᠠᠶ᠎ᠠ

ᠭᠦᠮᠤᠨ ᠤ ᠮᠦᠰᠤ ᠳᠤᠷᠣᠢ᠌ᠳᠠᠬᠤ ᠦᠭᠡᠶ ᠪᠠᠢ᠌ᠬᠤ ᠶᠢ ᠳᠠᠭᠠᠳᠬᠠᠶ᠎ᠠ

ᠭᠦᠮᠦᠯᠢᠭ᠌ ᠦᠵᠡᠯ ᠣᠷᠤᠭᠤᠳᠠᠬᠤ ᠦᠭᠡᠶ ᠪᠠᠢ᠌ᠬᠤ ᠶᠢ ᠳᠠᠭᠠᠳᠬᠠᠶ᠎ᠠ


ᠨᠡᠭᠦᠳᠡᠯ ᠤᠨ ᠴᠤᠪᠣᠭ᠎ᠠ ᠳᠠᠰᠤᠷᠠᠬᠤ ᠦᠭᠡᠶ ᠪᠠᠢ᠌ᠬᠤ ᠶᠢ ᠳᠠᠭᠠᠳᠬᠠᠶ᠎ᠠ

ᠨᠢᠭᠦᠯ ᠤᠨ ᠰᠠᠪᠠᠷ ᠬᠤᠷᠴᠠᠳᠬᠤ ᠦᠭᠡᠶ ᠪᠠᠢ᠌ᠬᠤ ᠶᠢ ᠳᠠᠭᠠᠳᠬᠠᠶ᠎ᠠ

ᠨᠠᠭᠤᠷ ᠤᠨ ᠰᠢᠪᠠᠭᠤ ᠣᠯᠠᠨ ᠪᠠᠢ᠌ᠬᠤ ᠶᠢ ᠳᠠᠭᠠᠳᠬᠠᠶ᠎ᠠ

ᠨᠠᠰᠤᠳᠠᠨ  ᠪᠣᠭᠤᠷᠤᠯᠴᠤᠳ ᠶᠢᠡᠨ ᠭᠦᠡᠳᠦᠯᠡᠵᠤ ᠶᠠᠪᠣᠬᠤ ᠶᠢ ᠳᠠᠭᠠᠳᠬᠠᠶ᠎ᠠ


ᠮᠤᠩᠭ᠋ᠤᠯ ᠠᠮᠢᠳᠤᠷᠠᠯ ᠮᠢᠨᠢ ᠪᠠᠶᠠᠨ ᠪᠠᠢ᠌ᠬᠤ ᠶᠢ ᠳᠠᠭᠠᠳᠬᠠᠶ᠎ᠠ

ᠮᠤᠩᠭ᠋ᠤᠯ ᠮᠤᠷᠢ ᠮᠢᠨᠢ ᠵᠢᠷᠤᠭ᠎ᠠ ᠪᠠᠢ᠌ᠬᠤ ᠶᠢ ᠳᠠᠭᠠᠳᠬᠠᠶ᠎ᠠ

ᠮᠤᠩᠭ᠋ᠤᠯ ᠰᠤᠶᠤᠯ ᠮᠢᠨᠢ ᠮᠥᠩᠭᠡ ᠣᠷᠤᠰᠢᠬᠤ ᠶᠢ ᠳᠠᠭᠠᠳᠬᠠᠶ᠎ᠠ

ᠮᠤᠩᠭ᠋ᠤᠯᠴᠤᠳ ᠮᠢᠨᠢ ᠮᠠᠠᠳᠤᠵᠤ ᠶᠠᠪᠣᠬᠤ ᠶᠢ ᠳᠠᠭᠠᠳᠬᠠᠶ᠎ᠠ︕


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠰᠠᠯᠪᠣᠷᠢ ᠵᠢᠨ 10 ᠣᠨ ᠤ ᠣᠶᠤᠳᠠᠨ

ᠵᠤᠬᠢᠶᠠᠭᠴᠢ᠄ ᠤᠳᠦᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2630
ᠴᠠᠭ᠄ 2011 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ