☆ ᠭᠦᠭ᠍ᠵᠢᠯ
ᠠᠢ ᠭᠦᠭᠡᠷᠦᠭᠦᠢ ᠡᠨᠡ ᠴᠠᠭ
ᠠᠩ ᠦᠭᠡᠶ ᠭᠡᠷᠡᠮ ᠤᠨ ᠵᠠᠪᠰᠠᠷ ᠳᠤ
ᠠᠩᠭᠢ ᠲᠡᠶ ᠰᠢᠷᠦᠭᠦᠨ ᠲ᠋ᠡᠮᠡᠴᠡᠯ ᠵᠢᠷᠤᠭᠯᠠᠨ᠎ᠠ
ᠭᠡᠮ ᠶᠢᠡᠨ ᠠᠯᠳᠠᠭᠰᠠᠨ ᠪᠣᠳᠤᠯ ᠤᠨ ᠡᠷᠦᠳᠡᠰᠤ
ᠭᠡᠮᠳᠡᠢ ᠶᠤᠰᠤ ᠶᠢ ᠴᠢᠰᠤ ᠦᠭᠡᠶ ᠳᠠᠯᠭᠢᠨᠠ
ᠭᠦᠭᠡᠷᠦᠭᠦᠢ ᠰᠢᠳᠤᠷᠭᠤ ᠠᠷᠠᠤᠨ ᠵᠢᠠᠨ
ᠭᠦᠮᠤᠨ ᠤ ᠬᠤᠷᠸ᠎ᠠ ᠳᠤ ᠬᠤᠤᠰ ᠥᠭᠡᠢ
ᠭᠦᠷᠦᠰᠦᠳᠤ ᠳᠡᠯᠡᠭᠡᠢ ᠳᠤ ᠳᠤᠭᠯᠠᠬᠤ
ᠭᠦᠰᠡᠯᠡᠩ ᠤᠨ ᠵᠡᠭᠦᠳᠤ ᠪᠠᠷ ᠪᠠᠶᠠᠰᠬᠠᠨ᠎ᠠ
ᠣᠷᠤᠰᠬᠤ ᠣᠰᠤᠨ ᠳᠤ ᠳᠤᠭᠳᠠᠬᠤ ᠥᠭᠡᠢ
ᠥᠶᠡᠯᠡᠭᠦ ᠴᠠᠭ ᠤᠨ ᠣᠷᠤᠰᠬᠠᠯᠳᠤ ᠳᠠᠭᠤᠤ
ᠵᠢᠷᠦᠭᠡ ᠰᠡᠳᠭᠢᠯ ᠳᠤ ᠣᠷᠤᠬᠤ ᠦᠭᠡᠶ
ᠵᠡᠷᠭᠡᠯᠭᠡᠨ ᠵᠠᠢ᠌ᠳᠠᠯᠠᠭᠰᠠᠨ ᠵᠡᠭᠦᠳᠤ ᠰᠢᠭ᠌
ᠴᠠᠭ ᠤᠨ ᠥᠩᠭᠡ ᠪᠠᠷ ᠬᠣᠢ᠌ᠯᠠᠷᠠᠭᠰᠠᠨ
ᠴᠠᠮᠬᠠᠭ ᠤᠨ ᠣᠯᠠᠭᠠᠨ ᠳᠤᠭᠤᠰᠤ
ᠭᠡᠭᠡᠷ᠎ᠡ ᠵᠡᠯᠡᠯᠡᠭᠦ ᠰᠠᠯᠭᠢ ᠰᠢᠭ
ᠭᠡᠯᠪᠠᠷᠢ ᠳᠦᠷᠰᠤ ᠦᠭᠡᠶ ᠭᠡᠢ᠌ᠰᠦᠨᠡ
ᠳᠦᠷᠤ ᠶᠢᠨ ᠶᠤᠰᠤᠨ ᠤ ᠳᠦᠰᠢᠭ᠌ ᠭᠡᠵᠤ
ᠲᠦᠮᠡᠨ ᠠᠷᠠᠤᠨ ᠶᠢᠡᠨ ᠰᠢᠨᠠᠯᠭᠠᠨ᠎ᠠ
ᠵᠢᠷᠤᠮ ᠶᠢᠡᠨ ᠠᠯᠳᠠᠭᠰᠠᠨ ᠨᠡᠢ᠌ᠭᠡᠮ ᠤᠨ
ᠵᠢᠷᠦᠭᠡ ᠶᠢ ᠨᠢ ᠳᠤᠭᠰᠢᠭᠰᠠᠨ ᠳᠤᠭᠰᠢᠨ ᠰᠠᠯᠭᠢᠨ ᠳ᠋ᠤ
ᠵᠢᠳᠭᠦᠵᠤ ᠶᠠᠪᠣᠭᠰᠠᠨ ᠨᠤᠮᠤᠬᠠᠨ ᠠᠷᠠᠤᠨ ᠨᠢ
ᠵᠡᠭᠦᠷᠮᠡᠭ᠌ ᠡᠷᠯᠢᠭ᠌ ᠤᠨ ᠡᠭᠦᠳᠡ ᠶᠢ ᠳᠤᠭᠰᠢᠨ᠎ᠠ
ᠵᠠᠰᠠᠭ ᠤᠨ ᠬᠤᠳᠤᠭᠤᠷ ᠶᠢᠡᠨ ᠳᠡᠭ᠍ᠰᠢᠯᠡᠭᠦ ᠥᠭᠡᠢ
ᠵᠠᠮ ᠤᠨ ᠡᠭᠦᠳᠡ ᠶᠢ ᠳᠦᠭ᠍ᠵᠢᠨᠡ
ᠢᠳᠡᠭᠡᠯ ᠵᠢᠷᠤᠮ ᠶᠢᠡᠨ ᠳᠠᠶᠠᠭᠳᠠᠭᠰᠠᠭᠠᠷ
ᠶᠢᠷᠳᠢᠠᠴᠤ ᠶᠢᠨ ᠪᠣᠯᠪᠠᠰᠤᠨ ᠡᠴᠡ ᠬᠤᠴᠤᠷᠤᠨ᠎ᠠ
ᠠᠢ ᠭᠦᠭᠡᠷᠦᠭᠦᠢ ᠡᠨᠡ ᠴᠠᠭ
ᠡᠷᠭᠡ ᠶᠢᠨ ᠳᠠᠷᠨᠢ ᠪᠠᠷ ᠣᠷᠴᠢᠬᠤ ᠴᠠᠭ ᠢ ᠨᠥᠭ᠍ᠴᠢᠭᠡᠨ᠎ᠡ
ᠠᠰᠢᠳᠠ ᠶᠢᠨ ᠭᠦᠰᠡᠯ ᠶᠢᠡᠷ ᠵᠠᠰᠠᠭ ᠶᠢᠡᠨ ᠵᠠᠰᠠᠨ᠎ᠠ
ᠡᠷᠭᠡ ᠬᠠᠷᠠᠭᠰᠠᠨ ᠬᠠᠤᠯᠢ ᠪᠠᠷ ᠡᠭᠦᠳᠡ ᠪᠠᠨ ᠰᠠᠭᠢᠨ᠎ᠠ
ᠠᠯᠠᠭ ᠪᠣᠱᠤᠭ᠎ᠠ ᠪᠠᠨ ᠠᠯᠳᠠ ᠪᠠᠷ ᠭᠠᠳᠠᠷᠯᠠᠨ᠎ᠠ
ᠠᠢ ᠭᠦᠭᠡᠷᠦᠭᠦᠢ ᠡᠨᠡ ᠴᠠᠭ
ᠡᠷᠭᠡ ᠶᠢᠨ ᠰᠠᠭᠤᠷᠢ ᠵᠦᠪ ᠶᠢᠡᠷ ᠡᠷᠭᠢᠭ᠍ᠰᠡᠭᠡᠷ
ᠡᠭᠡ ᠪᠠᠢ᠌ᠭᠠᠯᠢ ᠨᠤᠭᠤᠭᠠᠨ ᠶᠢᠡᠷ ᠠᠮᠢᠰᠬᠤᠬᠠᠨᠠ
ᠡᠭᠡ ᠣᠷᠤᠨ ᠳᠠᠢ᠌ᠪᠣᠩ ᠶᠢᠡᠷ ᠣᠷᠤᠰᠢᠭᠰᠠᠭᠠᠷ
ᠡᠩᠬᠡ ᠠᠮᠢᠳᠤᠷᠠᠯ ᠵᠢᠷᠭᠠᠯ ᠶᠢᠡᠷ ᠮᠦᠰᠢᠶᠠᠨ᠎ᠠ
2014.3.6
ᠵᠤᠬᠢᠶᠠᠭᠴᠢ ᠶᠢᠨ ᠬᠠᠶᠢᠭ ᠄ ᠪᠠᠶᠠᠠᠨᠠᠭᠤᠷ ᠬᠤᠳᠠ ᠶᠢᠨ ᠰᠤᠷᠭᠠᠨ ᠭᠦᠮᠦᠵᠢᠯ ᠤᠨ ᠳᠤᠪᠴᠢᠶ᠎ᠠ
ᠵᠤᠬᠢᠶᠠᠭᠴᠢ᠄ ᠭᠦᠭ᠍ᠵᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 13107
ᠴᠠᠭ᠄ 2014 ᠤᠨ ᠤ 03 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ