☆ ᠰᠣ᠊·ᠦᠨᠡᠠᠴᠢ
ᠪᠢ ᠪᠣᠯ ᠪᠠᠢ᠌ᠯᠳᠤᠭᠴᠢ
ᠪᠢᠷ ᠮᠢᠨᠢ ᠰᠠᠯᠠᠮ᠎ᠠ
ᠪᠢᠴᠢᠭ᠌ ᠮᠢᠨᠢ ᠰᠤᠮᠤ
ᠪᠢ ᠪᠣᠯ ᠪᠠᠢ᠌ᠯᠳᠤᠭᠴᠢ
ᠬᠤᠷᠤᠭᠤ ᠢᠮᠠᠬᠤ ᠶᠢᠨ ᠨᠢᠮᠭᠡᠨ ᠴᠠᠭᠠᠰᠤᠨ ᠳᠡᠭᠡᠷ᠎ᠡ
ᠬᠤᠷᠤᠳ ᠭᠡᠪᠯᠡᠭᠦ ᠰᠢᠭ᠌ ᠶᠢᠡᠨ ᠵᠢᠷᠤᠵᠤ
ᠬᠤᠷᠸ᠎ᠠ ᠳᠡᠯᠡᠭᠡᠢ ᠶᠢᠨ ᠪᠣᠢ ᠪᠦᠭᠦᠢ
ᠬᠤᠳᠠᠯ ᠦᠨᠡᠨ ᠢ ᠢᠯᠡᠴᠢᠯᠡᠭᠦ ᠭᠡᠵᠤ
ᠬᠤᠪᠢᠰᠬᠠᠯ ᠭᠢᠵᠤ ᠶᠠᠪᠣᠳᠠᠭ
ᠪᠢ ᠪᠣᠯ ᠪᠠᠢ᠌ᠯᠳᠤᠭᠴᠢ
ᠣ ᠶᠢᠨ ᠪᠢᠷ ᠶᠢᠡᠨ ᠴᠢᠩᠭ᠋ᠠᠯᠠᠨ ᠠᠳᠬᠤᠵᠤ
ᠣᠯᠠᠨ ᠣᠯᠠᠨ ᠰᠤᠷᠤᠭᠴᠢ ᠪᠠᠨ
ᠣᠶᠤᠨ ᠮᠡᠳᠡᠯᠭᠡ ᠪᠠᠷ ᠵᠡᠪᠰᠡᠭᠯᠡᠭᠦ ᠭᠡᠵᠤ
ᠭᠤᠷᠪᠠᠨ ᠳᠤᠬᠤᠢ ᠳᠠᠢ᠌ᠰᠠᠨ ᠳᠡᠭᠡᠷ᠎ᠡ
ᠭᠤᠳᠤᠯ ᠡᠯᠡᠭ᠍ᠳᠡᠳᠡᠯᠡ ᠵᠤᠭᠰᠤᠳᠠᠭ
ᠪᠢ ᠪᠣᠯ ᠪᠠᠢ᠌ᠯᠳᠤᠭᠴᠢ
ᠳᠤᠯᠭᠢᠶᠠᠯᠠᠵᠤ ᠪᠣᠰᠤᠭᠰᠠᠨ ᠡᠷᠢᠯ ᠢᠳᠡᠭᠡᠯ ᠵᠢᠠᠷ
ᠳᠤᠮᠤᠭ ᠤᠨ ᠴᠡᠩᠭᠡᠷ ᠨᠠᠭᠤᠷ ᠡᠴᠡ
ᠳᠤᠷᠠᠯᠠᠯ ᠶᠢᠡᠨ ᠱᠥᠭᠦᠭᠦ ᠭᠡᠵᠤ ᠶᠠᠭᠠᠷᠠᠭᠰᠠᠨ
ᠢᠷᠠᠭᠤ ᠰᠠᠢ᠌ᠬᠠᠨ ᠳᠠᠭᠤᠤ ᠳᠠᠢ
ᠢᠨᠠᠭ ᠤᠨ ᠴᠠᠭᠠᠨ ᠥᠷᠳᠡᠭᠡᠨ ᠳ᠋ᠤ
ᠪᠢ ᠪᠣᠯ ᠪᠠᠢ᠌ᠯᠳᠤᠭᠴᠢ
ᠣᠢ᠌ᠯᠠᠰ ᠭᠡᠭᠦ ᠳᠤᠮᠢᠶᠠᠯᠠᠯ ᠊ᠤᠨ
ᠦᠨᠡᠨ ᠳ᠋ᠦ᠋ᠩ ᠢ ᠣᠯᠬᠤ ᠰᠠᠨ ᠭᠡᠵᠤ
ᠦᠷᠢᠰᠤᠯᠳᠤᠵᠤ ᠳᠠᠮᠠᠴᠠᠯᠳᠤᠵᠤ ᠶᠠᠪᠣᠳᠠᠭ
ᠠᠯᠳᠠᠨ ᠨᠠᠷᠠᠨ ᠤ ᠰᠠᠴᠤᠷᠠᠭ ᠳᠠᠢ
ᠠᠮᠢᠳᠤᠷᠠᠯ ᠤᠨ ᠠᠭᠤᠳᠠᠮ ᠳᠠᠯᠠᠪᠣᠷ ᠳᠤ
ᠪᠢ ᠪᠣᠯ ᠪᠠᠢ᠌ᠯᠳᠤᠭᠴᠢ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤ
ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ