ᠨᠡᠪᠲᠡᠷᠡᠨ ᠤᠷᠤᠬᠤ
ᠨᠠᠢ᠌ᠵᠠ ᠲᠠᠨ ᠳᠠᠭᠠᠨ ᠳᠡᠪᠰᠢᠭᠦᠯᠦᠶ᠎ᠡ

(ᠳᠠᠭᠤᠤ ᠶᠢᠨ ᠥᠭᠡ)


ᠠᠯᠳᠠᠨ ᠬᠤᠠᠳᠠᠭᠠᠳᠤ ᠠᠷᠢᠭᠢ ᠪᠠᠨ ᠳᠡᠪᠰᠢᠭᠦᠯᠦᠶ᠎ᠡ

ᠠᠶᠤᠤᠯᠢᠬᠠᠢ ᠴᠡᠭᠡᠵᠢᠨ ᠤ ᠪᠠᠯᠭᠡᠳᠡᠯ ᠶᠤᠮ ᠰᠢᠤ

ᠠᠯᠤᠰ ᠡᠴᠡ ᠢᠷᠡᠭ᠍ᠰᠡᠨ ᠵᠤᠴᠢᠳ ᠳᠠ ᠮᠢᠨᠢ

ᠠᠩᠭ᠋᠎ᠠ ᠳᠡᠭᠦᠤ ᠶᠢᠨ ᠶᠢᠡᠨ ᠳᠦᠰᠢᠭ᠌ ᠶᠤᠮ ᠰᠢᠤ

ᠥᠭᠡᠢ᠌ᠯᠡᠵᠤ ᠶᠠᠪᠣᠬᠤ ᠵᠢᠷᠭᠠᠯ ᠤᠨ ᠳᠦᠯᠦᠭᠡ

ᠡᠷᠭᠦᠭ᠍ᠰᠡᠨ ᠬᠤᠠᠳᠠᠭ᠎ᠠ ᠡᠴᠡ ᠠᠮᠰᠠᠭᠠᠷᠠᠢ︕


ᠮᠥᠩᠭᠦᠨ ᠬᠤᠠᠳᠠᠭᠠᠳᠤ ᠰᠠᠷᠬᠤᠤᠨ ᠶᠢᠡᠨ ᠳᠡᠪᠰᠢᠭᠦᠯᠦᠶ᠎ᠡ

ᠮᠤᠩᠭ᠋ᠤᠯ ᠭᠦᠮᠤᠨ ᠤ ᠰᠠᠤᠠᠭᠢᠯ ᠶᠤᠮ ᠳ᠋ᠠ

ᠬᠤᠯᠠ ᠡᠴᠡ ᠮᠤᠷᠢᠯᠠᠭᠰᠠᠨ ᠵᠤᠴᠢᠳ ᠳᠠ ᠮᠢᠨᠢ

ᠬᠤᠩᠭ᠋ᠤᠷ ᠳᠡᠭᠦᠤ ᠶᠢᠨ ᠶᠢᠡᠨ ᠨᠠᠢ᠌ᠵᠠ ᠶᠤᠮ ᠳ᠋ᠠ

ᠨᠠᠢ᠌ᠷ ᠲᠡᠶ ᠶᠠᠪᠣᠬᠤ ᠶᠢᠨ ᠵᠢᠷᠭᠠᠯ ᠤᠨ ᠳᠦᠯᠦᠭᠡ

ᠨᠡᠷᠡᠭ᠍ᠰᠡᠨ ᠠᠷᠠᠵᠠ ᠶᠢ ᠮᠢᠨᠢ ᠳᠤᠭᠳᠠᠭᠠᠭᠠᠷᠠᠢ︕


ᠵᠤᠬᠢᠶᠠᠭᠴᠢ᠄ ᠭᠦᠢ ᠶᠢᠩ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄ ᠰᠢᠯᠦᠭ
ᠳᠠᠷᠤᠮ᠄ 3141
ᠴᠠᠭ᠄ 2006 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ