ᠨᠡᠪᠲᠡᠷᠡᠨ ᠤᠷᠤᠬᠤ
ᠠᠳᠤᠭᠤᠨ ᠤ ᠨᠠᠷᠠᠢ᠌ᠳᠤᠯ

ᠨᠢᠭᠡ᠂ ᠮᠤᠷᠢ ᠶᠢ ᠨᠠᠰᠤ ᠰᠢᠳᠤ ᠪᠠᠷ ᠨᠢ ᠢᠯᠭᠠᠨ ᠨᠡᠷᠡᠯᠡᠭᠦ

ᠮᠤᠷᠢ ᠶᠢ ᠨᠠᠰᠤ ᠰᠢᠳᠤ ᠪᠠᠷ ᠨᠢ ᠢᠯᠭᠠᠨ ᠨᠡᠷᠡᠯᠡᠭᠦ ᠭᠡᠳᠡᠭ᠌ ᠨᠢ ᠮᠤᠷᠢᠨ ᠤ ᠨᠠᠰᠤᠨ ᠤ ᠳᠤᠭ᠎ᠠ ᠪᠠᠷ ᠨᠡᠷᠡᠯᠡᠭᠦ ᠶᠢ ᠭᠡᠯᠡᠵᠤ ᠪᠠᠢ᠌ᠨ᠎ᠠ᠃ ᠡᠭᠦᠨ ᠳᠤ ᠰᠢᠳᠤᠨ ᠤ ᠭᠢᠨᠢ ᠬᠡ ᠶᠢ ᠦᠵᠡᠵᠤ ᠭᠡᠳᠤᠨ ᠨᠠᠰᠤᠨ ᠤ ᠮᠤᠷᠢ ᠪᠣᠯᠬᠤ ᠶᠢ ᠳᠤᠭᠳᠠᠭᠠᠨ᠎ᠠ᠃

ᠳᠦᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠠ‍‌ᠶᠢ ᠭᠠᠷᠤᠭᠰᠠᠨ ᠨᠢᠯᠬ᠎ᠠ ᠮᠠᠯ᠃

ᠣᠨᠠᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠢᠭᠡ ᠨᠠᠰᠤᠳᠠᠢ ᠮᠤᠷᠢ᠃

ᠣᠤᠭᠠᠨ ᠣᠨᠠᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠠᠮᠤᠭ ᠳᠦᠷᠦᠭᠦᠤ ᠭᠠᠷᠤᠭᠰᠠᠨ ᠣᠨᠠᠭ᠎ᠠ᠃

ᠭᠡᠡᠵᠡ ᠣᠨᠠᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠮᠤᠷᠰᠢᠵᠤ ᠭᠠᠷᠤᠭᠰᠠᠨ ᠣᠨᠠᠭ᠎ᠠ᠃

ᠭᠦᠭᠡᠢ ᠣᠨᠠᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠯᠢᠶᠠᠤᠨ ᠣᠷᠤᠢ ᠡᠪᠦᠯ ᠭᠠᠷᠤᠭᠰᠠᠨ ᠣᠨᠠᠭ᠎ᠠ᠃

ᠳᠠᠬᠤᠯᠠᠢ ᠣᠨᠠᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠠᠪᠣᠷ ᠡᠷᠳᠡ ᠭᠠᠷᠤᠭᠰᠠᠨ ᠣᠨᠠᠭ᠎ᠠ᠃

ᠬᠠᠪᠴᠢ (ᠬᠠᠪᠴᠢᠭ) ᠣᠨᠠᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠢᠯ ᠵᠠᠪᠰᠠᠷ ᠭᠠᠷᠤᠭᠰᠠᠨ ᠣᠨᠠᠭ᠎ᠠ᠂ ᠵᠢᠯ ᠤᠨ ᠡᠴᠦᠰ ᠰᠠᠷ᠎ᠠ ᠳᠤ ᠭᠠᠷᠤᠭᠰᠠᠨ ᠣᠨᠠᠭ᠎ᠠ᠃

ᠰᠠᠷᠪᠠ (ᠰᠠᠷᠪᠠ ᠣᠨᠠᠭ᠎ᠠ) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠪᠦᠯ ᠤᠨ ᠡᠭᠢᠨ ᠡᠴᠠ ᠳᠠᠷᠠᠭ᠎ᠠ ᠬᠠᠪᠣᠷ ᠤᠨ ᠰᠡᠭᠦᠯᠴᠢ ᠪᠣᠯᠳᠠᠯ᠎ᠠ ᠭᠠᠷᠤᠭᠰᠠᠨ ᠣᠨᠠᠭ᠎ᠠ᠃ ᠪᠠᠰᠠ ᠵᠢᠯ ᠤᠨ ᠣᠢ ᠪᠣᠯᠤᠭᠠᠳᠤᠢ ᠣᠨᠠᠭ᠎ᠠ ᠶᠢ ᠰᠠᠷᠪᠠ ᠭᠡᠳᠡᠭ᠌᠃

ᠳᠠᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠨᠠᠰᠤᠳᠠᠢ ᠮᠤᠷᠢ᠃

ᠨᠤᠭᠤᠭᠠᠨ ᠤ ᠳᠠᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠷᠠᠭ᠎ᠠ ᠬᠠᠪᠣᠷ ᠨᠢ ᠨᠤᠭᠤᠭᠠᠨ ᠳᠤ ᠴᠠᠳᠬᠤ ᠰᠠᠷᠪᠠ᠃

ᠭᠦᠭᠡ ᠰᠤᠶᠤᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠠᠰᠠ ᠰᠤᠶᠤᠭ᠎ᠠ ᠰᠤᠩᠭ᠋ᠠᠬᠤ ᠭᠡᠳᠡᠭ᠌᠃ ᠭᠦᠢᠴᠡᠭᠦ ᠨᠠᠰᠤᠨ ᠤ ᠮᠤᠷᠢ ᠶᠢ ᠭᠡᠯᠡᠨ᠎ᠡ᠃ ᠵᠢᠷᠭᠤᠭᠠᠨ ᠨᠠᠰᠤᠳᠠᠢ ᠠᠳᠤᠭᠤ᠂ ᠳᠡᠮᠡᠭᠡᠨ ᠳᠤ ᠮᠦᠨ ᠭᠡᠯᠡᠨ᠎ᠡ᠃ ᠠᠳᠤᠭᠤ᠂ ᠳᠡᠮᠡᠭᠡ ᠡᠨᠡ ᠨᠠᠰᠤᠨ ᠳᠤ ᠭᠦᠷᠪᠠᠯ ᠰᠤᠶᠤᠭ᠎ᠠ ᠨᠢ ᠭᠦᠢᠴᠡᠳ ᠣᠷᠭᠤᠵᠤ᠂ ᠬᠣᠢ᠌ᠰᠢᠳᠠ ᠶᠠᠰᠤᠨ ᠤ ᠦᠰᠦᠯᠳᠠ ᠶᠢᠨ ᠳᠡᠭᠦᠰᠭᠡᠯ ᠪᠣᠯᠤᠨ᠎ᠠ᠃ ᠡᠢ᠌ᠨ ᠭᠦ ᠰᠤᠶᠤᠭ᠎ᠠ ᠰᠤᠩᠭ᠋ᠠᠯ᠎ᠠ ᠭᠡᠭ᠍ᠰᠡᠭᠡᠷ ᠶᠠᠰᠤ ᠭᠦᠢᠴᠡᠳ ᠣᠷᠭᠤᠵᠤ ᠭᠦᠢᠴᠡᠯ᠎ᠡ ᠭᠡᠰᠡᠨ ᠥᠭᠡ᠃

ᠰᠢᠳᠤᠯᠠᠩ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠮᠤᠷᠢ᠃

ᠭᠢᠵᠠᠯᠠᠩ ᠊᠊᠊᠊᠊᠊᠊᠊᠊᠊᠊᠊᠊᠊᠊ ᠳᠦᠷᠪᠡᠨ ᠨᠠᠰᠤᠳᠠᠢ ᠮᠤᠷᠢ᠃

ᠰᠤᠶᠤᠯᠠᠩ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠳᠠᠢ ᠮᠤᠷᠢ᠃

ᠮᠤᠷᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠳᠤᠭᠤᠨ ᠤ ᠶᠡᠷᠦᠩᠭᠡᠢ ᠳᠠᠭᠤᠳᠠᠯᠭ᠎ᠠ᠃

ᠠᠳᠤᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠣᠯᠠᠨ ᠮᠤᠷᠢᠨ ᠤ ᠶᠡᠷᠦᠩᠭᠡᠢ ᠳᠠᠭᠤᠳᠠᠯᠭ᠎ᠠ᠃ ᠮᠤᠷᠢ ᠶᠢ ᠳᠠᠪᠤᠨ ᠨᠠᠰᠤᠯᠠᠪᠠᠯ ᠨᠠᠰᠤ ᠪᠠᠷ ᠨᠢ ᠭᠡᠳᠤᠨ ᠨᠠᠰᠤᠨ ᠤ ᠮᠤᠷᠢ ᠭᠡᠭᠦ ᠪᠣᠶᠤ ᠠᠭᠳᠠ᠂ ᠪᠦᠳᠦᠭᠦᠨ ᠮᠤᠷᠢ ᠭᠡᠮᠡᠨ ᠶᠡᠷᠦᠩᠭᠡᠢ᠌ᠯᠡᠨ ᠳᠠᠭᠤᠳᠠᠨ᠎ᠠ᠃ ᠡᠰᠡᠪᠠᠯ ᠭᠦᠢᠰᠤ ᠴᠢᠨᠠᠷ ᠶᠢᠡᠷ ᠨᠢ ᠭᠡᠭᠦᠤ᠂ ᠡᠷ᠎ᠡ ᠮᠤᠷᠢ᠂ ᠠᠵᠢᠷᠭ᠎ᠠ᠂ ᠪᠦᠳᠦᠭᠦᠨ ᠠᠵᠢᠷᠭ᠎ᠠ᠂ ᠪᠦᠳᠦᠭᠦᠨ ᠭᠡᠭᠦᠤ᠁ ᠭᠡᠭᠦ ᠮᠠᠳᠤ ᠪᠠᠷ ᠢᠯᠭᠠᠨ᠎ᠠ᠃

ᠬᠤᠶᠠᠷ᠂ ᠮᠤᠷᠢ ᠶᠢ ᠭᠦᠢᠰᠤ ᠴᠢᠨᠠᠷ ᠶᠢᠡᠷ ᠢᠯᠭᠠᠨ ᠨᠡᠷᠡᠯᠡᠭᠦ

ᠠᠵᠢᠷᠭ᠎ᠠ ᠊᠊᠊᠊᠊᠊᠊᠊᠊᠊᠊᠊᠊᠊᠊ ᠦᠷ᠎ᠡ ᠶᠢᠨ ᠮᠤᠷᠢ᠂ ᠳᠦᠷᠪᠡᠨ ᠨᠠᠰᠤᠨ ᠡᠴᠠ ᠳᠡᠭᠡᠭ᠍ᠰᠢᠭᠢ ᠠᠭᠳᠠᠯᠠᠭᠰᠠᠨ ᠦᠭᠡᠶ ᠡᠷ᠎ᠡ ᠠᠳᠤᠭᠤ᠃

ᠭᠢᠵᠠᠯᠠᠩ ᠠᠵᠢᠷᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠠᠵᠢᠷᠭ᠎ᠠ᠃

ᠰᠤᠶᠤᠯᠠᠩ ᠠᠵᠢᠷᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠳᠠᠢ ᠠᠵᠢᠷᠭ᠎ᠠ᠃

ᠦᠷᠢᠶ᠎ᠠ ᠠᠵᠢᠷᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠ ᠡᠴᠠ ᠳᠠᠪᠤᠨ ᠨᠠᠰᠤᠨ ᠤ ᠠᠵᠢᠷᠭ᠎ᠠ᠃

ᠪᠦᠳᠦᠭᠦᠨ ᠠᠵᠢᠷᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠭᠦᠢᠴᠡᠭ᠍ᠰᠡᠨ ᠠᠵᠢᠷᠭ᠎ᠠ᠃

ᠵᠠᠰᠠᠭᠰᠠᠨ ᠠᠵᠢᠷᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠵᠢᠷᠭ᠎ᠠ ᠳᠠᠯᠪᠢᠭᠠᠤᠨ ᠶᠠᠮᠠᠷ ᠨᠢᠭᠡᠨ ᠰᠢᠯᠳᠠᠭᠠᠨ ᠡᠴᠠ ᠪᠣᠯᠵᠤ ᠰᠡᠭᠦᠯᠡᠷ ᠨᠢ ᠵᠠᠰᠠᠭᠰᠠᠨ ᠠᠵᠢᠷᠭ᠎ᠠ᠃

ᠭᠡᠭᠦᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠭᠡ ᠮᠤᠷᠢ᠂ ᠳᠦᠷᠪᠡᠨ ᠨᠠᠰᠤᠨ ᠡᠴᠠ ᠳᠡᠭᠡᠭ᠍ᠰᠢ ᠡᠮ᠎ᠡ ᠮᠤᠷᠢ ᠶᠢ ᠭᠡᠭᠦᠤ ᠭᠡᠳᠡᠭ᠌᠃ ᠭᠡᠭᠦᠤ ᠣᠯᠠᠩᠭᠢ ᠳᠤ ᠪᠠᠨ ᠭᠢᠵᠠᠯᠠᠩ ᠪᠣᠶᠤ ᠰᠤᠶᠤᠯᠠᠩ ᠡᠴᠠ ᠡᠭᠢᠯᠡᠵᠤ ᠣᠨᠠᠭᠠᠯᠠᠨ᠎ᠠ᠃

ᠭᠢᠵᠠᠯᠠᠩ ᠭᠡᠭᠦᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠡᠮ᠎ᠡ ᠭᠦᠢᠰᠦᠳᠤ ᠮᠤᠷᠢ᠃

ᠰᠤᠶᠤᠯᠠᠩ ᠭᠡᠭᠦᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠳᠠᠢ ᠡᠮ᠎ᠡ ᠭᠦᠢᠰᠦᠳᠤ ᠮᠤᠷᠢ᠃

ᠪᠦᠳᠦᠭᠦᠨ ᠭᠡᠭᠦᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠭᠦᠢᠴᠡᠭ᠍ᠰᠡᠨ ᠡᠮ᠎ᠡ ᠭᠦᠢᠰᠦᠳᠤ ᠮᠤᠷᠢ᠃

ᠰᠤᠪᠠᠢ ᠭᠡᠭᠦᠤ ᠊᠊᠊᠊᠊᠊᠊᠊᠊᠊᠊᠊᠊᠊᠊᠊᠊᠊᠊᠊᠊᠊᠊᠊᠊᠊᠊᠊᠊ ᠭᠡᠭᠡᠯ ᠳᠤᠭᠳᠠᠭᠰᠠᠨ ᠦᠭᠡᠶ ᠭᠡᠭᠦᠤ᠃

ᠭᠡᠭᠡᠯᠳᠤ ᠭᠡᠭᠦᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠡᠭᠡᠯᠳᠦᠭᠡᠳ ᠣᠨᠠᠭᠠᠯᠠᠭᠠᠳᠤᠢ ᠭᠡᠭᠦᠤ᠃

ᠬᠤᠰᠠᠷᠠᠩ ᠭᠡᠭᠦᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠤᠪᠠᠢ᠌ᠷᠠᠭᠰᠠᠨ ᠪᠣᠯᠪᠠᠴᠤ ᠳᠦᠷᠦᠭᠦᠤ ᠵᠢᠯ ᠤᠨ ᠶᠢᠡᠨ ᠳᠦᠯ ᠢ ᠭᠦᠭᠦᠭᠦᠯᠵᠤ ᠪᠠᠢ᠌ᠭ᠎ᠠ ᠰᠥ᠋ ᠨᠢ ᠰᠢᠷᠭᠢᠭᠡᠳᠦᠢ ᠭᠡᠭᠦᠤ᠃

ᠭᠡᠭᠦᠤ ᠮᠤᠷᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠭᠡ ᠮᠤᠷᠢ᠃

ᠪᠠᠢ᠌ᠳᠠᠰᠤᠨ ᠭᠡᠭᠦᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠠᠢ᠌ᠳᠠᠰᠤᠨ ᠳᠤ ᠪᠠᠨ ᠣᠨᠠᠭᠠᠯᠠᠭᠰᠠᠨ ᠭᠡᠭᠦᠤ᠃

ᠡᠷ᠎ᠡ ᠣᠨᠠᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠢᠭᠡ ᠨᠠᠰᠤᠳᠠᠢ ᠡᠷ᠎ᠡ ᠭᠦᠢᠰᠦᠳᠤ ᠮᠤᠷᠢ᠃

ᠦᠬᠢᠨ ᠣᠨᠠᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠢᠭᠡ ᠨᠠᠰᠤᠳᠠᠢ ᠡᠮ᠎ᠡ ᠭᠦᠢᠰᠦᠳᠤ ᠮᠤᠷᠢ᠃

ᠡᠷ᠎ᠡ ᠳᠠᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠨᠠᠰᠤᠳᠠᠢ ᠡᠷ᠎ᠡ ᠭᠦᠢᠰᠦᠳᠤ ᠮᠤᠷᠢ᠃

ᠦᠬᠢᠨ ᠳᠠᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠨᠠᠰᠤᠳᠠᠢ ᠡᠮ᠎ᠡ ᠭᠦᠢᠰᠦᠳᠤ ᠮᠤᠷᠢ᠃

ᠡᠷ᠎ᠡ ᠰᠢᠳᠤᠯᠠᠩ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠡᠷ᠎ᠡ ᠭᠦᠢᠰᠦᠳᠤ ᠮᠤᠷᠢ᠃

ᠦᠬᠢᠨ ᠰᠢᠳᠤᠯᠠᠩ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠡᠮ᠎ᠡ ᠭᠦᠢᠰᠦᠳᠤ ᠮᠤᠷᠢ᠃

ᠦᠷᠢᠶ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠ ᠡᠴᠠ ᠳᠦᠷᠪᠡᠨ ᠨᠠᠰᠤᠨ ᠤ ᠬᠤᠭᠤᠷᠤᠠᠳᠤᠭᠢ ᠡᠷ᠎ᠡ ᠠᠳᠤᠭᠤᠨ ᠤ ᠨᠠᠷᠠᠢ᠌ᠳᠤᠯ᠃ ᠦᠷᠢᠶ᠎ᠠ ᠭᠡᠮᠡᠭ᠍ᠴᠢ ᠦᠷ᠎ᠡ ᠪᠦᠭᠦᠢ ᠠᠳᠤᠭᠤ ᠭᠡᠰᠡᠨ ᠥᠭᠡ ᠪᠣᠶᠤ᠃ ᠮᠤᠩᠭ᠋ᠤᠯᠴᠤᠳ ᠡᠷ᠎ᠡ ᠠᠳᠤᠭᠤ ᠶᠢ ᠨᠢᠭᠡ ᠨᠠᠰᠤᠨ ᠳᠤ ᠨᠢ ᠡᠷ᠎ᠡ ᠣᠨᠠᠭ᠎ᠠ ᠭᠡᠨ᠎ᠡ᠃ ᠬᠤᠶᠠᠷ ᠨᠠᠰᠤᠨ ᠳᠤ ᠨᠨᠢ ᠡᠷ᠎ᠡ ᠳᠠᠭ᠎ᠠ ᠭᠡᠵᠤ ᠳᠠᠭᠤᠳᠠᠨ᠎ᠠ᠃ ᠭᠤᠷᠪᠠᠨ ᠨᠠᠰᠤᠨ ᠳᠤ ᠨᠢ 《ᠰᠢᠳᠤᠯᠠᠩ ᠦᠷᠢᠶ᠎ᠠ》᠂ ᠳᠦᠷᠪᠡᠨ ᠨᠠᠰᠤᠨ ᠳᠤ ᠨᠢ 《ᠭᠢᠵᠠᠯᠠᠩ ᠦᠷᠢᠶ᠎ᠠ》 ᠭᠡᠵᠤ ᠳᠠᠭᠤᠳᠠᠳᠠᠭ᠃ ᠭᠡᠵᠢᠶ᠎ᠡ ᠬᠠᠭᠠᠷᠢᠭᠰᠠᠭᠠᠷ ᠦᠷᠢᠶ᠎ᠠ ᠪᠢᠰᠢ ᠮᠤᠷᠢ ᠪᠣᠯᠳᠠᠭ᠃

ᠪᠠᠢ᠌ᠳᠠᠰᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠ ᠡᠴᠠ ᠳᠦᠷᠪᠡᠨ ᠨᠠᠰᠤᠨ ᠤ ᠬᠤᠭᠤᠷᠤᠠᠳᠤᠭᠢ ᠡᠮ᠎ᠡ ᠠᠳᠤᠭᠤ ᠶᠢᠨ ᠨᠠᠷᠠᠢ᠌ᠳᠤᠯ᠃ ᠰᠢᠠᠵᠢᠶᠠᠩ ᠳᠤ ᠪᠠᠢ᠌ᠰᠤᠨ ᠭᠡᠨ᠎ᠡ᠃ ᠪᠠᠢ᠌ᠳᠠᠰᠤ ᠭᠡᠮᠡᠭ᠍ᠴᠢ ᠦᠷ᠎ᠡ ᠳᠤᠭᠳᠠᠬᠤ (ᠪᠠᠢ᠌ᠯᠭᠠᠬᠤ) ᠭᠡᠮ ᠲᠡᠶ ᠪᠣᠯᠤᠯ᠎ᠠ ᠭᠡᠰᠡᠨ ᠣᠤᠠᠬ᠎ᠠ ᠲᠡᠶ ᠪᠣᠶᠤ᠃ ᠪᠠᠢ᠌ᠳᠠᠰᠤ ᠵᠢᠨ 《ᠪᠠᠢ᠌᠊》 ᠨᠢ ᠪᠠᠢ᠌ᠬᠤ ᠶᠢᠨ 《ᠪᠠᠢ᠌᠊》 ᠶᠤᠮ᠃ ᠡᠭᠦᠨ ᠡᠴᠠ ᠥᠭᠡᠷ᠎ᠡ ᠰᠤᠶᠤᠯᠠᠩ ᠪᠠᠢ᠌ᠳᠠᠰᠤ ᠭᠡᠭᠦ ᠵᠡᠷᠭᠡ ᠪᠠᠷ ᠨᠡᠷᠡᠯᠡᠭᠦ ᠨᠢ ᠪᠦᠷ ᠪᠣᠷᠤᠭᠤ ᠳᠠᠭᠤᠳᠠᠯᠭ᠎ᠠ ᠳᠤ ᠳᠤᠭᠠᠴᠢᠭᠳᠠᠨ᠎ᠠ᠃

ᠬᠠᠭᠠᠷᠢᠭᠰᠠᠨ ᠦᠷᠢᠶ᠎ᠠ (ᠠᠭᠳᠠᠯᠠᠭᠰᠠᠨ ᠮᠤᠷᠢ) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠰᠠᠭᠰᠠᠨ ᠦᠷᠢᠶ᠎ᠠ᠃

ᠴᠠᠭᠢᠯᠤᠭᠰᠠᠨ ᠪᠠᠢ᠌ᠳᠠᠰᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠣᠷᠤᠭ᠎ᠠ ᠣᠷᠤᠵᠤ ᠠᠵᠢᠷᠭᠠᠨ ᠡᠴᠠ ᠪᠠᠨ ᠰᠠᠯᠵᠤ ᠭᠦᠶ‍ᠦᠭ᠍ᠰᠡᠨ ᠪᠣᠶᠤ ᠬᠠᠰᠤᠭᠳᠠᠭᠰᠠᠨ ᠪᠠᠢ᠌ᠳᠠᠰᠤ᠃

ᠬᠠᠰᠤᠭᠳᠠᠭᠰᠠᠨ ᠪᠠᠢ᠌ᠳᠠᠰᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠣᠤᠯ ᠰᠥᠷᠦᠭ᠌ ᠡᠴᠠ ᠪᠠᠨ ᠭᠦᠭᠡᠭᠡᠭ᠍ᠳᠡᠨ ᠰᠠᠯᠤᠭᠰᠠᠨ ᠭᠤᠷᠪᠠ ᠪᠣᠶᠤ ᠳᠦᠷᠪᠡᠨ ᠨᠠᠰᠤᠨ ᠤ ᠡᠮ᠎ᠡ ᠠᠳᠤᠭᠤ᠃

ᠰᠢᠳᠤᠯᠠᠩ ᠦᠷᠢᠶ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠦᠷᠢᠶ᠎ᠠ᠃

ᠰᠢᠳᠤᠯᠠᠩ ᠪᠠᠢ᠌ᠳᠠᠰᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠪᠠᠢ᠌ᠳᠠᠰᠤ᠃

ᠭᠢᠵᠠᠯᠠᠩ ᠦᠷᠢᠶ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠦᠷᠢᠶ᠎ᠠ᠃

ᠭᠢᠵᠠᠯᠠᠩ ᠪᠠᠢ᠌ᠳᠠᠰᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠪᠠᠢ᠌ᠳᠠᠰᠤ᠃

ᠬᠠᠪᠴᠢᠭ ᠰᠤᠶᠤᠯᠠᠩ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠠᠪᠴᠢᠭ ᠰᠤᠶᠤᠯᠠᠩ ᠭᠡᠵᠤ ᠵᠢᠷᠭᠤᠭᠠᠨ ᠨᠠᠰᠤᠨ ᠤ ᠡᠷ᠎ᠡ ᠠᠳᠤᠭᠤᠨ ᠳᠡᠭᠡᠷ᠎ᠡ ᠭᠡᠯᠡᠳᠡᠭ᠌᠃ ᠶᠤᠰᠤᠨ ᠳᠤ ᠪᠠᠨ ᠠᠳᠤᠭᠤ ᠵᠢᠷᠭᠤᠭᠠᠨ ᠨᠠᠰᠤ ᠭᠦᠷᠪᠠᠯ ᠰᠤᠶᠤᠭ᠎ᠠ ᠨᠢ ᠭᠦᠢᠴᠡᠳ ᠣᠷᠭᠤᠵᠤ ᠶᠠᠰᠤ ᠰᠢᠳᠤ ᠨᠢ ᠭᠦᠢᠴᠡᠵᠤ᠂ ᠴᠢᠳᠠᠯ ᠰᠢᠠᠳᠠᠰᠤ ᠪᠦᠷᠢᠳᠦᠯ᠎ᠡ ᠭᠡᠵᠤ ᠮᠠᠯᠴᠢᠳ ᠭᠡᠯᠡᠳᠡᠭ᠌᠃ ᠭᠡᠳᠡᠯ᠎ᠡ ᠬᠠᠪᠴᠢᠭ ᠰᠤᠶᠤᠯᠠᠩ ᠭᠡᠭ᠍ᠴᠢ ᠮᠠᠨᠢ ᠣᠨ ᠵᠢᠯ ᠶᠢᠡᠷ ᠳᠤᠭᠠᠯᠠᠪᠠᠯ ᠵᠢᠷᠭᠤᠭᠠᠨ ᠨᠠᠰᠤ ᠭᠦᠷᠦᠭ᠍ᠰᠡᠨ ᠴᠤ ᠶᠠᠰᠤ ᠊᠊᠊᠊᠊᠊᠊᠊᠊᠊᠊᠊᠊᠊᠊ ᠰᠤᠶᠤᠭ᠎ᠠ ᠨᠢ ᠭᠦᠢᠴᠡᠳ ᠣᠷᠭᠤᠭᠠᠳᠤᠢ ᠪᠠᠢ᠌ᠳᠠᠭ ᠡᠢ᠌ᠮᠤ ᠬᠤᠶᠠᠷ ᠤᠨ ᠬᠤᠭᠤᠷᠤᠠᠳᠤ ᠪᠠᠢ᠌ᠳᠠᠭ ᠡᠴᠠ ᠬᠠᠪᠴᠢᠭ ᠰᠤᠶᠤᠯᠠᠩ ᠭᠡᠵᠤ ᠨᠡᠷᠡᠯᠡᠭ᠍ᠰᠡᠨ ᠶᠤᠮ᠃

ᠰᠤᠩᠭ᠋ᠠᠯ ᠮᠤᠷᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠢᠷᠭᠤᠭᠠᠨ ᠨᠠᠰᠤᠨ ᠤ ᠭᠦᠢᠰᠦᠳᠤ ᠮᠤᠷᠢ᠃

ᠠᠭᠳᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠦᠭᠡᠰᠦᠭ᠌ ᠢ ᠨᠢ ᠠᠪᠣᠭᠰᠠᠨ ᠪᠦᠳᠦᠭᠦᠨ ᠮᠤᠷᠢ᠃

ᠠᠷᠭᠤᠮᠠᠭ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠮᠤ ᠪᠦᠳᠦᠭᠦᠨ ᠪᠠᠶ᠎ᠠ ᠲᠡᠶ ᠮᠤᠷᠢ᠃

ᠠᠷᠠᠠᠵᠠᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠮᠠᠰᠢ ᠰᠠᠢ᠌ᠨ ᠭᠦᠯᠦᠭ᠌᠂ ᠭᠦᠯᠦᠭᠯᠢᠭ᠌᠃

ᠠᠵᠢᠨᠠᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠪᠢᠯᠭᠠᠨ ᠭᠦᠯᠦᠭ᠌᠃

ᠠᠰᠠᠮᠠᠨ ᠮᠤᠷᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠰᠠᠭᠰᠠᠨ ᠦᠭᠡᠶ ᠪᠣᠶᠤ ᠳᠤᠳᠠᠭᠤ ᠵᠠᠰᠠᠭᠰᠠᠨ ᠮᠤᠷᠢ᠃

ᠡᠷᠡᠮᠡᠭ᠌ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠣᠨᠠᠭᠠᠯᠠᠳᠠᠭ ᠦᠭᠡᠶ᠂ ᠡᠷᠡᠳᠡᠭᠦᠤ ᠴᠢᠳᠠᠯ ᠲᠡᠶ ᠡᠷᠡᠮᠳᠡᠭ᠌ ᠭᠡᠭᠦᠤ᠃

ᠭᠦᠯᠦᠭ᠌ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠠᠢ᠌ᠨ ᠠᠭᠳᠠ ᠶᠢᠨ ᠭᠦᠡᠳᠦᠳᠭᠡᠯ ᠨᠠᠷ᠎ᠠ᠃


ᠵᠤᠬᠢᠶᠠᠭᠴᠢ ᠶᠢᠨ ᠬᠠᠶ‍ᠢᠭ ᠄ ᠰᠢᠯᠢ ᠶᠢᠨ ᠬᠤᠳᠠ

(ᠨᠠᠢ᠌ᠷᠠᠭᠤᠯᠤᠭᠴᠢ ᠶᠢᠨ ᠴᠤᠬᠤᠯᠠᠪᠣᠷᠢ ᠄ ᠠᠳᠤᠭᠤ ᠶᠢᠨ ᠵᠢᠰᠤᠮ ᠢ ᠴᠤ ᠪᠢᠴᠢᠵᠤ ᠣᠷᠤᠭᠤᠯᠤᠭᠰᠠᠨ ᠪᠣᠯ ᠨᠠᠩ ᠰᠠᠢ᠌ᠨ ᠪᠢᠯᠠ᠃)

ᠵᠤᠬᠢᠶᠠᠭᠴᠢ᠄ ᠦᠨᠢᠷᠰᠠᠢ᠌ᠬᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7478
ᠴᠠᠭ᠄ 2010 ᠤᠨ ᠤ 01 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ