ᠨᠡᠪᠲᠡᠷᠡᠨ ᠤᠷᠤᠬᠤ
ᠡᠵᠢ ᠮᠢᠨᠢ ᠰᠠᠨᠠᠭ᠎ᠠ ᠠᠮᠤᠷ ᠮᠠᠨ ᠡᠴᠡ ᠠᠶᠠᠷᠯᠠᠯ᠎ᠠ

ᠬᠠᠭᠳᠠ ᠶᠢᠨ ᠦᠨᠦᠷ ᠬᠠᠩᠬᠤᠯᠤᠭᠰᠠᠨ

ᠬᠠᠪᠣᠷ ᠤᠨ ᠣᠷᠢᠬᠠᠨ ᠳᠤᠯᠠᠭᠠᠬᠠᠨ ᠴᠠᠭ ᠳᠤ

ᠬᠠᠮᠤᠭ ᠠᠮᠢᠳᠠᠨ ᠢ ᠨᠣᠢ᠌ᠷᠰᠤᠭᠰᠠᠨ ᠦᠶᠡᠰ

ᠬᠠᠢ᠌ᠷᠠᠳᠤ ᠡᠵᠢ ᠮᠢᠨᠢ ᠮᠠᠨ ᠡᠴᠡ ᠪᠠᠨ ᠠᠶᠠᠷᠯᠠᠭᠰᠠᠨ ︕


ᠨᠤᠳᠤᠭ ᠶᠢᠡᠨ ᠰᠠᠨᠠᠬᠤ ᠰᠡᠳᠭᠢᠯ ᠪᠠᠢ᠌ᠯ᠎ᠠ ᠭᠡᠳ

ᠨᠤᠳᠤᠭ ᠶᠢᠡᠨ ᠡᠷᠭᠢᠵᠤ ᠦᠵᠡᠭᠦ ᠡᠴᠡ ᠬᠤᠯᠠᠳᠠᠯ᠎ᠠ ᠴᠤ

ᠨᠤᠳᠤᠭ ᠥᠭᠡᠳᠡ ᠪᠠᠨ ᠬᠠᠠᠳᠤᠵᠤ ᠮᠤᠷᠳᠠᠬᠤ ᠰᠠᠨ ᠭᠡᠵᠤ

ᠨᠣᠢ᠌ᠳᠠᠨ ᠡᠷᠴᠢ ᠲᠡᠶ ᠶᠠᠪᠣᠯ᠎ᠠ ᠳ᠋ᠠ᠂ ᠡᠵᠢ ᠮᠢᠨᠢ ᠡ ︕


ᠳᠠᠷ ᠶᠢᠡᠨ ᠪᠠᠷᠠᠭᠰᠠᠨ ᠳᠠᠯᠠᠭᠠᠤᠨ ᠣᠨ ᠤ ᠦᠶ᠎ᠡ ᠵᠢᠨ

ᠳᠠᠯ᠎ᠠ ᠰᠠᠢ᠌ᠨ ᠣᠯᠠᠨ ᠶᠠᠪᠣᠳᠠᠯ ᠴᠢᠨᠢ ᠴᠤᠪᠣᠷᠤᠯᠳᠤᠵᠤ

ᠳᠠᠳᠠᠯᠭ᠎ᠠ᠂ ᠰᠣᠢ᠌ᠬ᠎ᠠ ᠭᠡᠵᠤ ᠣᠯᠠᠨ ᠰᠠᠢ᠌ᠬᠠᠨ ᠭᠢᠭ᠍ᠰᠡᠨ ᠡᠳ᠋ᠯᠡᠯ ᠴᠢᠨᠢ

ᠳᠠᠷᠢᠶᠠᠳᠤ ᠶᠢᠨ ᠪᠠᠷᠭᠡ ᠶᠢ ᠰᠠᠢ᠌ᠬᠠᠨ ᠠᠯᠳᠠᠷ ᠶᠢᠡᠷ ᠮᠢᠯᠢᠶᠠᠭᠰᠠᠨ᠃


ᠭᠦᠮᠤᠨ ᠤ ᠭᠦᠢ ᠵᠠᠯᠭᠠᠬᠤ ᠭᠡᠵᠤ ᠣᠯᠠᠨ ᠬᠡᠦᠬᠡᠳ ᠦᠰᠭᠡᠭ᠍ᠰᠡᠨ ᠪᠠᠢ᠌ᠪᠠᠤ ︖

ᠭᠦᠳᠡᠷ ᠬᠠᠳᠠᠷ ᠳᠤᠯᠤᠭᠠᠨ ᠭᠦᠤ ᠴᠢᠨᠢ ᠭᠡᠷ ᠭᠡᠷ ᠶᠢᠡᠷ ᠶᠢᠡᠨ ᠰᠥᠭᠦᠷᠡᠵᠤ ᠪᠠᠢ᠌ᠨ᠎ᠠ

ᠭᠦᠡᠳᠤ ᠶᠡᠭᠡ ᠡᠭᠡ ᠶᠢᠨ ᠬᠠᠢ᠌ᠷ᠎ᠠ ᠶᠢ ᠥᠮᠴᠢᠷᠭᠡᠵᠤ ᠶᠠᠪᠣᠭᠰᠠ ᠤᠯᠠᠭᠤᠯᠠ

ᠭᠦᠷᠳᠦᠳᠤ ᠶᠡᠭᠡ ᠮᠤᠷᠳᠠᠭᠤᠯ ᠤᠨ ᠳᠡᠷᠭᠡᠨ ᠡᠮᠦᠨ᠎ᠡ ᠠᠭᠢᠨ ᠳᠠᠭᠢᠨ ᠮᠦᠷᠭᠦᠵᠤ ᠪᠠᠢ᠌ᠨ᠎ᠠ


ᠳᠠᠨ ᠤ ᠵᠠᠶᠠᠭᠠᠵᠤ ᠦᠰᠦᠭ᠍ᠰᠡᠨ ᠨᠤᠳᠤᠭ ᠪᠣᠯ ᠭᠤᠷᠪᠠᠠᠬᠤᠧᠨ ᠶᠢᠨ ᠪᠠᠷᠠᠭᠤᠨ ᠳᠠᠷᠢᠶᠠᠳᠤ

ᠳᠠᠷᠴᠤᠭ ᠵᠠᠯᠠᠵᠤ ᠣᠷᠤᠰᠢᠭᠤᠯᠤᠭᠰᠠᠨ ᠭᠠᠵᠠᠷ ᠪᠣᠯ ᠵᠠᠷᠤᠳ ᠬᠤᠰᠢᠭᠤᠨ ᠤ ᠬᠠᠷᠠᠴᠢᠯᠠᠭᠤ

ᠳᠠᠯᠳᠠ ᠶ‍ᠢᠷᠳᠢᠠᠴᠤ ᠡᠴᠡ ᠳᠠᠭᠤᠳᠠᠵᠤ ᠢᠷᠡᠭᠦᠯᠭᠦ ᠣᠪᠠᠳᠢᠰ ᠡᠷᠳᠡᠮ ᠦᠭᠡᠶ ᠣᠴᠢᠷ

ᠳᠠᠨ ᠤ ᠪᠠᠨ ᠪᠣᠩᠬᠤᠨ ᠤ ᠡᠮᠦᠨ᠎ᠡ ᠪᠦᠭᠦᠳᠡᠭᠡᠷ ᠰᠥᠭᠦᠷᠡᠨ ᠳᠠᠩᠭ᠋ᠠᠷᠢᠭᠯᠠᠵᠤ ᠪᠣᠢ᠄


ᠡᠵᠢ ᠪᠠᠨ ᠠᠳᠠᠯᠢ ᠠᠮᠢᠳᠠᠨ ᠵᠢᠷᠭᠤᠭᠠᠨ ᠵᠣᠢ᠌ᠯ ᠳᠤ ᠳᠤᠰᠠ ᠪᠣᠶᠠᠨ ᠭᠢᠵᠡᠭᠡᠶ᠎ᠡ

ᠡᠵᠢ ᠪᠠᠨ ᠠᠳᠠᠯᠢ ᠨᠤᠳᠤᠭ ᠣᠰᠤᠨ ᠤ ᠣᠷᠭᠤᠮᠠᠯ ᠠᠮᠢᠳᠠᠨ ᠢ ᠬᠠᠮᠠᠭᠠᠯᠠᠵᠤ ᠶᠠᠪᠣᠶ᠎ᠠ

ᠡᠵᠢ ᠪᠠᠨ ᠠᠳᠠᠯᠢ ᠠᠢ᠌ᠯ ᠠᠢ᠌ᠮᠠᠭ ᠤᠨ ᠠᠬ᠎ᠠ ᠳᠡᠭᠦᠤ ᠰᠠᠳᠤᠨ ᠲᠡᠶ ᠨᠥᠭᠦᠷᠯᠡᠵᠤ ᠶᠠᠪᠣᠶ᠎ᠠ

ᠡᠵᠢ ᠪᠠᠨ ᠠᠳᠠᠯᠢ ᠪᠠᠶ᠎ᠠ ᠪᠠᠨ ᠭᠠᠮᠨᠠᠵᠤ᠂ ᠦᠷ᠎ᠡ ᠠᠴᠢᠷ ᠶᠢᠡᠨ ᠬᠠᠢ᠌ᠷᠠᠯᠠᠵᠤ ᠶᠠᠪᠣᠶ᠎ᠠ ︕


                                2012.11


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤ

ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12620
ᠴᠠᠭ᠄ 2012 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ