☆ ᠡᠷᠳᠡᠨᠢᠪᠠᠭᠠᠨ᠎ᠠ
ᠠᠷᠠᠤᠨ ᠤᠨ ᠳᠠᠭᠤᠤ
ᠠᠮᠢᠳᠤᠷᠠᠯ ᠤᠨ ᠶᠢᠡᠨ ᠣᠬᠠᠭᠠᠨ ᠳᠠᠯᠠᠵᠤ ᠣᠷᠭᠤᠭᠰᠠᠨ
ᠥᠩᠭᠡ ᠪᠦᠷᠢ ᠶᠢᠨ ᠴᠡᠴᠡᠭ᠌ ᠤᠨ ᠭᠠᠩᠬᠤᠭᠠᠨ
ᠣᠢ᠌ᠯᠠᠰ ᠤᠨ ᠵᠢᠡᠨ ᠳᠦᠷᠦᠭᠡ ᠭᠢᠰᠭᠢᠵᠤ ᠳᠠᠪᠭᠢᠬᠤ ᠭᠡᠰᠡᠨ
ᠦᠨᠡᠨ ᠶᠤᠰᠤᠨ ᠤ ᠵᠦᠷᠢᠭ᠌ ᠤᠨ ᠥᠢᠮᠡᠭᠡᠨ
ᠠᠷᠠᠤᠨ ᠤᠨ ᠳᠠᠭᠤᠤ ᠰᠤᠨᠢᠨ
ᠠᠷᠠᠤᠨ ᠤᠨ ᠳᠠᠭᠤᠤ ᠰᠠᠢ᠌ᠬᠠᠨ
ᠰᠡᠳᠭᠢᠯ ᠤᠨ ᠶᠢᠡᠨ ᠴᠤᠩᠬᠤ ᠪᠠᠷ ᠬᠤᠷᠸ᠎ᠠ ᠬᠠᠷᠠᠬᠤ ᠭᠡᠰᠡᠨ
ᠴᠢᠪ ᠴᠢᠪ ᠭᠦᠯᠦᠰᠤ ᠪᠠᠨ ᠢᠳᠡᠭᠡᠭᠦ ᠠᠠᠳᠤᠭᠤᠷᠠᠯ
ᠰᠠᠷᠠᠯ ᠤᠨ ᠶᠢᠡᠨ ᠰᠡᠷᠡᠨ ᠢᠳᠡᠭᠡᠯ ᠶᠢᠡᠨ ᠨᠥᠭᠦᠭᠦ ᠭᠡᠰᠡᠨ
ᠰᠢᠪ ᠰᠢᠪ ᠨᠢᠭᠤᠷ ᠶᠢᠡᠨ ᠭᠡᠭᠡᠯᠡᠭᠦ ᠣᠬᠠᠭᠠᠨ
ᠠᠷᠠᠤᠨ ᠤᠨ ᠳᠠᠭᠤᠤ ᠦᠨᠡᠨ
ᠠᠷᠠᠤᠨ ᠤᠨ ᠳᠡᠭᠦᠤ ᠭᠦᠭᠡᠷᠦᠭᠦᠢ
ᠲ᠋ᠡᠯᠡ ᠶᠢᠨ ᠬᠠᠢ᠌ᠷ᠎ᠠ ᠳᠤ᠂ ᠭᠦᠮᠤᠨ ᠤ ᠢᠳᠡᠭᠡᠯ ᠳᠤ ᠪᠠᠨ ᠰᠢᠭᠤᠷᠬᠠᠢ᠌ᠯᠠᠭᠰᠠᠨ
ᠪᠠᠭᠠᠳᠤᠷ ᠮᠡᠷᠭᠡᠳ ᠤᠨ ᠠᠭᠳᠠ ᠶᠢᠨ ᠳᠠᠪᠭᠢᠭᠠᠨ
ᠲ᠋ᠠᠩᠰᠤᠭ ᠠᠮᠢᠳᠤᠷᠠᠯ᠂ ᠵᠢᠷᠭᠠᠯᠳᠤ ᠣᠠᠳᠤᠷᠤᠯ ᠳᠤ ᠪᠠᠨ ᠭᠦᠳᠦᠯᠦᠭ᠍ᠳᠡᠭ᠍ᠰᠡᠨ
ᠪᠠᠶᠠᠨ ᠲ᠋ᠠᠪᠠᠳᠠᠢ ᠭᠦᠨ ᠣᠬᠠᠭᠠᠨ ᠤ ᠭᠢᠴᠢᠶᠠᠯ
ᠠᠷᠠᠤᠨ ᠤᠨ ᠳᠠᠭᠤᠤ ᠰᠠᠢ᠌ᠬᠠᠨ
ᠠᠷᠠᠤᠨ ᠤᠨ ᠳᠠᠭᠤᠤ ᠦᠨᠡᠨ
ᠲ᠋ᠤᠯᠭ᠎ᠠ ᠶᠢᠨ ᠭᠠᠯ ᠶᠢᠡᠨ ᠨᠠᠷᠠᠨ ᠲᠡᠶ ᠪᠠᠢ᠌ᠯᠭᠠᠬᠤ ᠭᠡᠰᠡᠨ
ᠵᠢᠷᠦᠭᠡᠨ ᠳᠠᠮᠢᠷ ᠶᠢᠡᠷ ᠶᠢᠡᠨ ᠨᠠᠢ᠌ᠷᠠᠭᠰᠠᠨ ᠥᠯᠢᠭᠡᠷ
ᠲ᠋ᠤᠭᠠᠳᠠᠢ ᠨᠠᠰᠤᠨ ᠶᠢᠡᠨ ᠦᠨ᠎ᠡ ᠲᠡᠶ ᠪᠠᠢ᠌ᠯᠭᠠᠬᠤ ᠭᠡᠰᠡᠨ
ᠣᠨᠠᠭᠰᠠᠨ ᠳᠡᠭ᠍ᠷᠢ ᠪᠠᠨ ᠦᠪᠡᠷ ᠶᠢᠡᠨ ᠳᠤᠰᠬᠤ ᠨᠠᠭᠤᠷ
ᠠᠷᠠᠤᠨ ᠤᠨ ᠳᠠᠭᠤᠤ ᠭᠠᠰᠢᠭᠤᠨ
ᠠᠷᠠᠤᠨ ᠤᠨ ᠳᠠᠭᠤᠤ ᠠᠩᠭᠢᠯᠤᠮ᠎ᠠ
ᠬᠤᠷᠸ᠎ᠠ ᠶᠢᠨ ᠵᠦᠢ ᠪᠠᠷ ᠣᠶᠠᠷᠠᠯ ᠳᠦᠷᠦᠭᠦᠯᠭᠦ
ᠬᠠᠢ᠌ᠷᠠᠳᠠᠢ ᠪᠠᠢ᠌ᠭᠠᠯᠢ ᠶᠢᠨ ᠳᠤᠷᠭᠠᠨ ᠵᠢᠮ᠎ᠠ
ᠬᠠᠯᠠᠭᠤᠨ ᠰᠡᠳᠭᠢᠯ ᠨᠢ ᠴᠠᠷᠴᠠᠭᠠᠤᠨ ᠳᠠᠢ᠌ᠪᠣᠰᠢᠷᠠᠬᠤ
ᠭᠦᠮᠤᠨ ᠤ ᠠᠮᠢᠳᠤᠷᠠᠯ ᠤᠨ ᠣᠷᠠᠩᠬᠠᠢ ᠳᠠᠪᠠᠯ
ᠠᠷᠠᠤᠨ ᠤᠨ ᠳᠠᠭᠤᠤ ᠦᠨᠡᠨ
ᠠᠷᠠᠤᠨ ᠤᠨ ᠳᠠᠭᠤᠤ ᠭᠢᠯᠢᠩ
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2012 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ