☆ ᠭᠣ᠊·ᠰᠤᠶᠤᠯᠳᠤ
ᠮᠤᠷᠢᠨ ᠬᠤᠭᠤᠷ
ᠪᠣᠭᠳᠠ ᠴᠢᠩᠭᠢᠰ ᠤᠨ ᠨᠢ᠋ᠮᠠᠨ ᠰᠢᠷᠭ᠎ᠠ ᠶᠢᠨ ᠥᠣᠷᠰᠠᠯ ᠳᠠᠢ
ᠪᠣᠭᠤᠷᠴᠢ ᠥᠷᠯᠦᠭ᠌ ᠤᠨ ᠣᠷᠤᠭ ᠰᠢᠩᠬᠤᠯᠠ ᠶᠢᠨ ᠳᠦᠪᠠᠷᠭᠡᠨ ᠳᠠᠢ
ᠵᠢᠩᠭ᠋ᠠᠷ ᠪᠠᠭᠠᠳᠤᠷ ᠤᠨ ᠠᠷᠠᠠᠵᠠᠯ ᠵᠡᠭᠡᠷᠳᠡ ᠶᠢᠨ ᠣᠮᠤᠭ ᠲᠡᠶ
ᠵᠢᠷᠭᠠᠯᠠᠩᠳᠤ ᠠᠵᠢᠨᠠᠢ ᠰᠥᠭᠡ ᠶᠢᠨ ᠰᠠᠷᠠᠯ ᠤᠨ ᠳᠤᠮᠤᠭ ᠳᠠᠢ
ᠠᠢ ᠭᠦ ᠮᠤᠷᠢᠨ ᠬᠤᠭᠤᠷ ᠮᠢᠨᠢ
ᠮᠤᠩᠭ᠋ᠤᠯ ᠳᠡᠦᠭᠡ ᠶᠢᠨ ᠣᠯᠪᠠᠭ᠎ᠠ ᠶᠤᠮ᠃
ᠭᠦᠪᠴᠢ ᠶᠤ ᠶᠢ ᠨᠢ ᠳᠠᠳᠠᠬᠤ ᠳᠤ ᠭᠦᠰᠡᠯ ᠮᠢᠨᠢ ᠭᠦᠪᠦᠷᠡᠨᠡ
ᠭᠢᠯᠭᠠᠰᠤ ᠶᠤ ᠶᠢ ᠨᠢ ᠭᠦᠭᠯᠡᠭᠦ ᠳᠤ ᠢᠳᠡᠭᠡᠯ ᠮᠢᠨᠢ ᠡᠷᠴᠢᠯᠡᠨ᠎ᠡ
ᠠᠷᠠᠯ ᠶᠤ ᠶᠢ ᠨᠢ ᠠᠳᠬᠤᠬᠤ ᠳᠤ ᠠᠪᠢᠶᠠᠰ ᠮᠢᠨᠢ ᠭᠦᠳᠡᠯᠤᠨ᠎ᠡ
ᠠᠶᠠᠯᠭᠤ ᠶᠤ ᠶᠢ ᠨᠢ ᠰᠤᠨᠤᠰᠬᠤ ᠳᠤ ᠠᠯᠳᠠᠷ ᠮᠢᠨᠢ ᠳᠠᠭᠤᠷᠢᠰᠤᠨ᠎ᠠ
ᠠᠢ ᠭᠦ ᠮᠤᠷᠢᠨ ᠬᠤᠭᠤᠷ ᠮᠢᠨᠢ
ᠮᠤᠩᠭ᠋ᠤᠯ ᠭᠦᠮᠤᠨ ᠤ ᠵᠤᠯᠪᠣᠭ᠎ᠠ ᠶᠤᠮ᠃
ᠮᠥᠩᠭᠡ ᠳᠡᠭ᠍ᠷᠢ ᠡᠴᠠ ᠡᠰᠢᠯᠡᠭ᠍ᠰᠡᠨ ᠬᠠᠭᠠᠨ ᠬᠤᠭᠤᠷ ᠮᠢᠨᠢ
ᠡᠩᠭᠡ ᠲᠦᠷᠦ ᠡᠴᠠ ᠳᠡᠭᠡᠳᠦᠯᠡᠭ᠍ᠰᠡᠨ ᠮᠤᠯᠤᠷ ᠬᠤᠭᠤᠷ ᠮᠢᠨᠢ
ᠡᠪᠦᠭᠡ ᠳᠡᠭᠡᠳᠤ ᠡᠴᠠ ᠥᠪᠯᠡᠭ᠍ᠰᠡᠨ ᠮᠤᠩᠭ᠋ᠤᠯ ᠬᠤᠭᠤᠷ ᠮᠢᠨᠢ
ᠡᠩ ᠳᠡᠯᠡᠭᠡᠢ ᠳᠤ ᠬᠤᠤᠰ ᠦᠭᠡᠶ ᠡᠷᠳᠡᠨᠢ ᠶᠢᠨ ᠬᠤᠭᠤᠷ ᠮᠢᠨᠢ
ᠠᠢ ᠭᠦ ᠮᠤᠷᠢᠨ ᠬᠤᠭᠤᠷ ᠮᠢᠨᠢ
ᠮᠤᠩᠭ᠋ᠤᠯ ᠰᠤᠶᠤᠯ ᠤᠨ ᠭᠢᠯᠪᠠᠭ᠎ᠠ ᠶᠤᠮ᠃
ᠵᠤᠬᠢᠶᠠᠭᠴᠢ ᠶᠢᠨ ᠬᠠᠶᠢᠭ ᠄ ᠪᠠᠷᠠᠭᠤᠨ ᠦᠵᠦᠮᠤᠴᠢᠨ ᠬᠤᠰᠢᠭᠤᠨ ᠤ ᠰᠤᠶᠤᠯ ᠳᠠᠮᠢᠷ ᠷᠠᠳᠢᠤ᠋ ᠳᠸᠯᠸᠢᠰ ᠳᠤᠪᠴᠢᠶ᠎ᠠ
ᠵᠤᠬᠢᠶᠠᠭᠴᠢ᠄ ᠭᠣ᠊·ᠰᠤᠶᠤᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2009 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ