☆ ᠡᠷᠳᠡᠨᠢᠰᠥ᠋ᠭᠡ
ᠪᠢᠳᠠᠨ ᠤ ᠳᠡᠯᠡᠭᠡᠢ
ᠳᠡᠯᠡᠭᠡᠢ ᠮᠢᠨᠢ ᠪᠦᠮᠪᠦᠷᠴᠡᠭ᠌ ᠮᠢᠨᠢ
ᠳᠡᠯᠭᠡᠷ ᠭᠦᠨ ᠴᠡᠩᠭᠡᠷ ᠣᠷᠴᠢᠯᠠᠩ ᠤᠨ ᠮᠠᠠᠳᠠᠯ ᠳᠤ
ᠨᠠᠷᠠᠨ ᠤ ᠳᠤᠭᠤᠷᠢᠭ ᠤᠨ ᠭᠠᠭᠴᠠᠬᠠᠨ ᠠᠮᠢᠳᠤ ᠣᠳᠤᠨ ᠮᠢᠨᠢ
ᠰᠠᠶ᠎ᠠ ᠪᠣᠮᠠᠨ ᠮᠠᠴᠢᠳ ᠤᠨ ᠳᠤᠳᠤᠷ᠎ᠠ ᠡᠴᠡ
ᠰᠠᠷᠠᠨ ᠤ ᠳᠤᠭᠤᠷᠢᠬᠤ ᠭᠡᠡᠵᠡᠭᠡᠨ ᠠᠯᠠᠭ ᠨᠢᠳᠤᠨ ᠮᠢᠨᠢ
ᠴᠢᠮᠡᠭᠡ ᠦᠭᠡᠶ ᠰᠠᠭᠠᠷᠠᠯ ᠪᠣᠳᠠᠩ ᠲᠡᠶ ᠰᠠᠠᠰᠠᠷ ᠲᠠᠭᠠᠨ
ᠴᠢ ᠯᠠ ᠠᠮᠢᠵᠢᠷᠠᠯ ᠶᠢᠡᠷ ᠪᠢᠯᠬᠠᠵᠤ ᠪᠠᠢ᠌ᠭ᠎ᠠ ᠪᠠᠢ᠌ᠬ᠎ᠠ
ᠴᠢᠮ᠎ᠠ ᠡᠴᠡ ᠥᠭᠡᠷ᠎ᠡ ᠪᠠᠶᠠᠨ ᠭᠠᠷᠠᠭ
ᠬᠤᠷᠸ᠎ᠠ ᠶᠢᠨ ᠵᠠᠢ ᠳᠤ ᠥᠭᠡᠷ᠎ᠡ ᠪᠠᠢ᠌ᠬᠤ ᠦᠭᠡᠶ ᠪᠠᠢ᠌ᠬ᠎ᠠ
ᠡᠷᠳᠡᠨ ᠤ ᠭᠠᠯᠪᠠ ᠳᠤ ᠶᠠᠮᠠᠷᠬᠠᠨ ᠳᠦᠷᠭᠦ ᠲᠡᠶ ᠪᠠᠢ᠌ᠭᠰᠠᠨ ᠢ ᠴᠢᠨᠢ
ᠡᠨᠡ ᠭᠦᠮᠤᠨ ᠲᠦᠷᠦᠯᠭᠢᠳᠠᠨ ᠡᠴᠡ ᠡᠮᠦᠨ᠎ᠡ ᠶᠠᠭᠠᠭᠢᠵᠤ ᠪᠠᠢ᠌ᠭᠰᠠᠨ ᠢ ᠴᠢᠨᠢ
ᠡᠩᠨᠡᠵᠤ ᠵᠢᠰᠢᠵᠤ ᠭᠡᠨ ᠴᠤ ᠭᠡᠯᠡᠵᠤ ᠴᠢᠳᠠᠬᠤ ᠦᠭᠡᠶ ᠡᠭᠡ ᠳᠡᠯᠡᠭᠡᠢ ᠮᠢᠨᠢ
ᠠᠮᠢ ᠨᠠᠰᠤ ᠴᠢᠮ᠎ᠠ ᠡᠴᠡ ᠠᠩᠬ᠎ᠠ ᠡᠭᠦᠰᠴᠤ
ᠠᠮᠢᠵᠢᠷᠠᠯ ᠭᠦᠴᠤᠨ ᠴᠢᠮ᠎ᠠ ᠡᠴᠡ ᠡᠭᠢ ᠠᠪᠣᠭᠰᠠᠨ
ᠡᠭᠡ ᠪᠣᠯᠤᠭᠰᠠᠨ ᠳᠡᠯᠡᠭᠡᠢ ᠪᠠᠨ ᠦᠷ᠎ᠡ ᠰᠠᠳᠤ ᠨᠢ ᠳᠡᠭᠡᠭᠡᠳ
ᠡᠷᠭᠢᠭᠦᠯᠵᠤ ᠮᠦᠯᠵᠢᠵᠤ ᠭᠡᠮᠡᠯᠢᠵᠤ ᠡᠭᠢᠯᠡᠭ᠍ᠰᠡᠨ
ᠭᠡᠮᠵᠢᠶ᠎ᠡ ᠳᠠᠮ ᠡᠴᠡ ᠪᠠᠨ ᠭᠡᠳᠦᠷᠡᠭ᠍ᠰᠡᠨ ᠭᠡᠵᠤ
ᠭᠡᠳᠡᠷᠯᠡᠵᠤ ᠬᠠᠶᠠ ᠠᠭᠤᠷᠯᠠᠭᠠᠤᠨ ᠪᠠᠢ᠌ᠨ᠎ᠠ ᠦᠦ ᠳ᠋ᠠ ᠬᠠᠳᠤᠨ ᠳᠡᠯᠡᠭᠡᠢ ᠮᠢᠨᠢ
ᠭᠠᠵᠠᠷ ᠤᠨ ᠳᠤᠯᠭᠢᠰᠤᠯ ᠳᠠᠯᠠᠢ ᠶᠢᠨ ᠰᠠᠯᠭᠢ
ᠭᠦᠴᠢᠯ ᠤᠨ ᠪᠣᠷᠤᠭ᠎ᠠ ᠭᠦᠷᠦᠰᠤᠨ ᠤ ᠨᠡᠭᠦᠳᠡᠯ
ᠮᠦᠰᠤᠨ ᠤ ᠭᠡᠰᠦᠯ ᠣᠰᠤᠨ ᠤ ᠦᠰᠦᠯ ᠴᠠᠰᠤᠨ ᠤ ᠨᠤᠷᠠᠯ ᠭᠡᠳ᠁
ᠨᠠᠪᠴᠢ ᠴᠡᠴᠡᠭ᠌ ᠠᠭᠤᠯᠠ ᠣᠰᠤ ᠪᠠᠨ ᠳᠡᠭᠡᠭᠡᠭᠡᠳ
ᠨᠠᠷᠠᠳᠤ ᠶᠢᠨ ᠵᠠᠮ ᠡᠴᠡ ᠪᠠᠨ ᠰᠠᠯᠴᠢᠬᠤ ᠦᠭᠡᠶ ᠶᠤᠮ ᠪᠢᠵᠠ ᠳ᠋ᠡ
ᠭᠦᠮᠤᠨ ᠶᠢᠡᠷ ᠪᠦᠭᠡᠰᠦᠳᠡᠭ᠍ᠰᠡᠨ ᠪᠠᠶ᠎ᠠ ᠪᠠᠨ ᠳᠠᠭᠠᠭᠠᠯ ᠦᠭᠡᠶ
ᠭᠦᠢᠳᠡᠨ ᠬᠠᠷᠠᠩᠭᠤᠢ ᠳᠤᠮᠳᠠᠭᠤᠷ ᠳᠦᠭᠡᠷᠡᠴᠢᠭᠦ ᠦᠭᠡᠶ ᠶᠤᠮ ᠪᠢᠵᠠ ᠳ᠋ᠡ
ᠣᠢ᠌ ᠲᠦᠮᠡᠨ ᠦᠷᠠᠰ ᠤᠨ ᠭᠢᠨᠢ ᠳᠤᠮᠳᠠ ᠠᠬᠠᠯᠠᠳᠠᠭ
ᠣᠢ ᠰᠠᠢ᠌ᠳᠠᠢ ᠭᠦᠴᠤᠨ ᠳᠡᠭᠦᠯᠳᠡᠷ ᠭᠦᠮᠦᠰ ᠡ
ᠣᠢ᠌ᠮᠤᠷᠠᠵᠤ ᠶᠠᠪᠣᠭ᠎ᠠ ᠡᠵᠢ ᠰᠢᠭ ᠡᠭᠡ ᠳᠡᠯᠡᠭᠡᠢ ᠪᠠᠨ ᠬᠠᠢ᠌ᠷᠠᠯᠠᠵᠤ
ᠣᠳᠤᠮ ᠣᠭᠰᠠᠭ᠎ᠠ ᠪᠠᠨ ᠣᠯᠠᠮ ᠣᠷᠳᠤ ᠳᠡᠯᠡᠵᠡᠭᠡᠶᠡ
ᠥᠯᠦᠭᠡᠢ ᠦᠪᠡᠷ ᠶᠢᠡᠨ ᠣᠨᠠᠳᠠᠭ ᠦᠭᠡᠶ
ᠢᠰᠭᠦᠴᠢᠵᠤ ᠳᠠᠢ᠌ᠴᠢᠵᠤ ᠪᠣᠳᠤᠯ ᠥᠭᠡᠢ᠌ᠳᠡᠭ᠍ᠰᠡᠨ ᠡᠴᠡ
ᠥᠯᠦᠭᠡᠢ ᠨᠢ ᠡᠵᠡᠨ ᠲᠡᠶ ᠪᠠᠨ ᠬᠠᠮᠳᠤ ᠣᠩᠬᠤᠯᠳᠠᠳᠠᠭ ᠶᠤᠮ᠂᠂
ᠵᠤᠬᠢᠶᠠᠭᠴᠢ ᠶᠢᠨ ᠬᠠᠶᠢᠭ ᠄ ᠵᠡᠭᠦᠨ ᠦᠵᠦᠮᠤᠴᠢᠨ
ᠵᠤᠬᠢᠶᠠᠭᠴᠢ᠄ ᠡᠷᠳᠡᠨᠢᠰᠥ᠋ᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2010 ᠤᠨ ᠤ 04 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ