ᠨᠡᠪᠲᠡᠷᠡᠨ ᠤᠷᠤᠬᠤ
ᠮᠥᠩᠭᠡᠪᠠᠶᠡᠷ ᠤᠨ ᠣᠬᠤᠷ ᠰᠢᠯᠦᠭ᠌ ᠊ᠤᠳ

ᠰᠢᠯᠦᠭ᠌ ᠦᠭᠡᠶ ᠡᠳᠦᠷ ᠤᠳ


ᠰᠢᠯᠦᠭ᠌ ᠦᠭᠡᠶ ᠡᠳᠦᠷ ᠤᠳ

ᠰᠢᠨᠡᠭᠡᠨ ᠥᠷᠦᠭᠡᠨ ᠳᠤ ᠭᠡᠷᠡᠯ ᠦᠭᠡᠶ ᠲᠡᠶ ᠠᠳᠠᠯᠢ

ᠱᠦᠯᠦ ᠲᠡᠶ ᠪᠣᠳᠠᠭᠠᠨ ᠳᠤ ᠳᠠᠪᠣᠰᠤ ᠦᠭᠡᠶ ᠲᠡᠶ ᠠᠳᠠᠯᠢ

ᠰᠢᠯᠢ ᠶᠢᠨ ᠠᠩᠴᠢᠨ ᠫᠣᠤ ᠪᠠᠨ ᠭᠡᠭᠡᠭ᠍ᠰᠡᠨ ᠲᠡᠶ ᠠᠳᠠᠯᠢ᠃


ᠺᠠᠲ᠋ᠠᠷ


ᠣᠰᠤ ᠶᠢ ᠳᠤᠰᠤ ᠰᠢᠭ ᠵᠠᠷᠤᠵᠤ

ᠳᠤᠰᠤ ᠶᠢ ᠣᠰᠤ ᠰᠢᠭ ᠭᠡᠷᠡᠭᠯᠡᠳᠡᠭ᠌

ᠣᠯᠤᠰ ᠶᠢᠡᠨ ᠮᠠᠩᠬᠠᠨ ᠳᠤ ᠪᠠᠢ᠌ᠭᠤᠯᠤᠭᠰᠠᠨ

ᠮᠠᠩᠬ᠎ᠠ ᠪᠠᠨ ᠳᠤᠰᠤ ᠪᠠᠷ ᠮᠢᠯᠢᠶᠠᠭᠰᠠᠨ

ᠳᠠᠩᠰᠤᠭ ᠭᠦᠷᠤᠨ ᠺᠠᠲ᠋ᠠᠷ ᠣᠯᠤᠰ

ᠳᠡᠭ᠍ᠷᠢ ᠶᠢᠨ ᠴᠠᠭᠠᠨ᠎ᠠ ᠪᠠᠢ᠌ᠳᠠᠭ ᠭᠡᠯᠳᠡᠢ︕


ᠲᠦᠷᠦ


ᠠᠳᠤᠭᠤᠨ ᠳᠠᠯ ᠶᠢᠡᠷ ᠰᠤᠪᠠᠵᠤ ᠭᠦᠪᠦᠷᠡᠭᠦᠯᠦᠭ᠍ᠰᠡᠨ

ᠠᠪᠣ ᠶᠢᠨ ᠠᠯᠠᠭᠠᠨ ᠡᠴᠡ ᠨᠡᠢ᠌ᠦᠡᠭᠡᠷᠡᠵᠤ ᠡᠷᠴᠢᠮᠯᠡᠭ᠍ᠳᠡᠭ᠍ᠰᠡᠨ

ᠠᠶᠠᠨ ᠵᠠᠮ ᠤᠨ ᠳᠠᠷᠤᠭᠤᠯᠭ᠎ᠠ ᠴᠤ ᠳᠠᠷᠠ

ᠠᠢ᠌ᠯ ᠤᠨ ᠭᠡᠷ ᠤᠨ ᠡᠷᠦᠭᠡ ᠶᠢᠨ ᠣᠭᠤᠰᠤᠷ ᠴᠤ ᠳᠠᠷᠠ

ᠡᠮᠨᠢᠭ᠌ ᠥᠭᠡᠷ ᠤᠨ ᠡᠪᠠᠷ ᠲᠤ ᠣᠷᠤᠭᠰᠠᠨ ᠡᠴᠡ

ᠦᠨᠡᠨ ᠤ ᠣᠬᠠᠭᠠᠨ ᠢ ᠭᠦᠳᠦᠯᠦᠭ᠍ᠰᠡᠨ ᠳᠠᠮᠢᠷ︕


ᠥᠭᠡᠷ ᠳᠡᠷᠭᠡ


ᠦᠨᠡᠨ ᠤ ᠳᠦᠯᠦᠭᠡ ᠥᠭᠦᠳᠡᠯ᠎ᠡ ᠵᠢᠦᠡᠭᠦᠭᠦ

ᠵᠤᠷᠢᠭ ᠭᠦᠪᠴᠢᠯᠡᠭ᠍ᠰᠡᠨ ᠭᠦᠳᠡᠭᠡ

ᠦᠷᠡᠰ ᠬᠣᠢ᠌ᠴᠢᠰ ᠲᠠᠭᠠᠨ ᠵᠠᠮ ᠭᠦᠳᠦᠯᠭᠦ

ᠮᠥᠩᠭᠡ ᠶᠢᠨ ᠳᠠᠭᠤᠷᠢᠶᠠᠯ ᠳᠠᠪᠵᠢᠶᠠᠷᠢ︕


ᠭᠡᠷᠭᠡᠢ ᠳ᠋ᠡᠭᠡᠨ


ᠬᠠᠨ ᠳᠡᠭ᠍ᠷᠢ ᠡᠴᠡ ᠨᠠᠳᠠ ᠵᠠᠶᠠᠭᠠᠭᠰᠠᠨ

ᠡᠭᠡ ᠶᠢᠨ ᠴᠠᠭᠠᠨ ᠦᠬᠢᠨ

ᠬᠠᠷᠠᠵᠤ ᠠᠮᠢᠳᠤᠷᠠᠬᠤ ᠢᠷᠦᠭᠡᠯ ᠰᠢᠩᠭᠡᠭ᠍ᠰᠡᠨ

ᠬᠠᠢ᠌ᠷ᠎ᠠ ᠶᠢᠨ ᠭᠠᠭᠴᠠᠬᠠᠨ ᠳᠠᠭᠢᠨᠢ

ᠬᠠᠨᠠᠭᠠᠷ ᠳᠠᠯ᠎ᠠ ᠶᠢᠨ ᠴᠡᠴᠡᠭ᠌ ᠪᠣᠯᠤᠭᠰᠠᠨ

ᠠᠢ᠌ᠯ ᠤᠨ ᠭᠠᠭᠴᠠᠬᠠᠨ ᠪᠠᠷᠢ

ᠬᠠᠨᠠᠳᠤ ᠭᠡᠷ ᠤᠨ ᠮᠢᠨᠢ ᠡᠷᠦᠭᠡ ᠶᠢ ᠳᠠᠯᠠᠯᠤᠬᠤ

ᠦᠷ᠎ᠡ ᠶᠢᠨ ᠭᠠᠭᠴᠠᠬᠠᠨ ᠡᠵᠢ᠃


ᠨᠤᠳᠤᠭ ᠲᠠᠭᠠᠨ ᠬᠠᠷᠢᠭᠰᠠᠨ ᠨᠢ


ᠨᠤᠳᠤᠭ ᠶᠢᠡᠨ ᠴᠢᠭᠯᠡᠨ ᠨᠠᠮᠤᠷ ᠤᠨ ᠰᠦᠨᠢ ᠪᠠᠷ ᠳᠤᠪᠳᠤᠯᠬᠤᠶ᠎ᠠ

ᠰᠡᠷᠢᠭᠦᠨ ᠰᠠᠯᠭᠢ ᠬᠠᠴᠠᠷ ᠢᠯᠪᠢᠨ ᠰᠠᠩᠭᠢᠨᠠᠮᠤᠢ

ᠠᠢ᠌ᠯ ᠤᠨ ᠨᠤᠬᠠᠤᠨ ᠵᠠᠮ ᠳᠤᠰᠤᠨ ᠵᠤᠯᠭᠠᠬᠤᠶ᠎ᠠ

ᠠᠭᠤᠯᠠ ᠳᠤᠯᠤᠭᠠᠤᠨ ᠣᠴᠠᠷᠠᠯ ᠤᠨ ᠴᠤᠤᠷᠢᠶ᠎ᠠ ᠬᠠᠩᠭᠢᠨᠠᠭᠤᠯᠤᠮᠤᠢ

ᠳᠤᠷᠮᠤᠭᠤᠷ ᠣᠳᠤᠳ ᠴᠠᠷᠪᠠᠨ ᠳᠠᠷᠪᠠᠨ ᠭᠢᠯᠠᠯᠵᠠᠬᠤᠶ᠎ᠠ

ᠳᠤᠩᠭ᠋ᠠᠯᠠᠭ ᠰᠠᠷᠠᠨ ᠨᠠᠳᠠ ᠡᠴᠡ ᠪᠦᠱᠦᠭᠦᠷᠭᠡᠨ ᠡᠭᠦᠯᠡᠨ ᠠᠷᠤ ᠪᠠᠷ ᠰᠢᠷᠭᠤᠮᠤᠢ᠃


ᠨᠤᠳᠤᠭ ᠤᠨ ᠪᠠᠷ᠎ᠠ


ᠳᠤᠯᠤᠭ᠎ᠠ ᠶ‍ᠢᠰᠤ ᠶᠢᠨ ᠠᠩᠬᠠᠨ ᠤ ᠡᠳᠦᠷ

ᠳᠤᠩᠷᠤᠪ ᠠᠬ᠎ᠠ ᠶᠢᠨ ᠳᠡᠷᠭᠡᠨ ᠳᠤ ᠰᠠᠭᠤᠭᠠᠤᠨ

ᠳᠤᠯᠤᠭᠠᠨ ᠵᠢᠯ ᠭᠦᠷᠦᠭᠡ ᠦᠭᠡᠶ ᠣᠳᠠᠭᠰᠠᠨ

ᠳᠦᠷᠦᠭ᠍ᠰᠡᠨ ᠨᠤᠳᠤᠭ ᠲᠤ ᠪᠠᠨ ᠨᠢᠭᠡ ᠭᠦᠷᠦᠯ᠎ᠡ


ᠰᠢᠯᠦᠭ᠍ᠴᠢ ᠭᠦᠮᠤᠨ


ᠨᠠᠢ᠌ᠷᠠᠭ ᠤᠨ ᠳᠡᠭ᠍ᠷᠢ ᠲᠤ ᠪᠠᠨ ᠵᠠᠯᠪᠢᠷᠠᠵᠤ

ᠰᠢᠯᠦᠭ᠍ᠴᠢ ᠭᠦᠮᠤᠨ ᠪᠠᠶᠠᠨ ᠶᠠᠪᠣᠳᠠᠭ

ᠨᠠᠷᠠᠳᠤ ᠶᠢᠨ ᠵᠠᠢ ᠳᠤ ᠰᠠᠤᠠᠭᠢᠯ ᠶᠢᠡᠨ ᠠᠭᠤᠳᠠᠯᠯᠠᠵᠤ

ᠰᠢᠯᠦᠭ᠍ᠴᠢ ᠭᠦᠮᠤᠨ ᠣᠶᠠᠷᠠᠵᠤ ᠶᠠᠪᠣᠳᠠᠭ

ᠪᠢᠷ ᠪᠠᠭᠡ ᠶᠢᠨ ᠥᠵᠦᠭᠦᠷ ᠲᠤ ᠪᠠᠨ

ᠪᠢᠯᠢᠭ᠌ ᠤᠨ ᠣᠴᠢ ᠪᠠᠨ  ᠭᠦᠭ᠍ᠵᠢᠭᠡᠵᠤ

ᠪᠢᠳᠡᠭᠦᠭᠡᠨ ᠬᠠᠢ᠌ᠷ᠎ᠠ ᠶᠢᠨ ᠳᠡᠭᠡᠵᠢ ᠪᠠᠷ ᠶᠢᠡᠨ

ᠪᠦᠱᠦᠭᠦᠷᠭᠡᠵᠤ ᠦᠬᠢᠳ ᠢ ᠬᠠᠷᠠᠵᠤ ᠶᠠᠪᠣᠳᠠᠭ

ᠰᠠᠨᠠᠨ᠎ᠠ ᠬᠠᠢ᠌ᠷᠠᠯᠠᠨ᠎ᠠ ᠭᠡᠵᠤ ᠰᠠᠢ᠌ᠬᠠᠨ ᠥᠭᠡ ᠬᠠᠶᠠᠳᠠᠭ ᠦᠭᠡᠶ

ᠰᠠᠯᠤᠨ᠎ᠠ ᠪᠣᠯᠢᠨ᠎ᠠ ᠭᠡᠵᠤ ᠰᠠᠮᠠᠭᠠᠷᠳᠠᠵᠤ ᠬᠠᠷᠢᠶᠠᠯ ᠥᠭ᠍ᠳᠡᠭ᠌ ᠦᠭᠡᠶ

ᠰᠠᠨᠠᠭᠰᠠᠨ ᠪᠦᠭᠦᠨ ᠶᠢᠡᠨ ᠰᠢᠯᠦᠭ᠌ ᠤᠨ ᠮᠦᠷ ᠲᠤ ᠪᠠᠨ ᠠᠭᠤᠰᠬᠠᠵᠤ

ᠰᠠᠷ᠎ᠠ ᠵᠢᠯ ᠤᠳ ᠤᠨ ᠭᠦᠶ‍ᠦᠳᠡᠯ ᠳᠤᠮᠳᠠ

ᠰᠢᠯᠦᠭ᠌ ᠲᠡᠶ ᠪᠠᠨ ᠴᠤᠭ ᠮᠥᠩᠭᠡᠷᠡᠳᠡᠭ᠌


ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠰᠠᠮᠪᠠᠷ᠎ᠠ ᠡᠴᠡ ᠰᠢᠯᠢᠪᠠ
ᠬᠠᠷᠢᠶ᠎ᠠ᠄ ᠰᠢᠯᠦᠭ
ᠳᠠᠷᠤᠮ᠄ 4436
ᠴᠠᠭ᠄ 2007 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ