☆ ᠰᠢᠶᠧ ᠴᠢᠩ ᠱᠠᠨ
ᠪᠢ ᠦᠪ ᠭᠦᠷᠦᠩᠭᠡ ᠲᠡᠶ ᠭᠦᠮᠤᠨ
ᠪᠢ ᠦᠪ ᠭᠦᠷᠦᠩᠭᠡ ᠲᠡᠶ ᠭᠦᠮᠤᠨ
ᠠᠭᠳᠠ ᠮᠤᠷᠢᠨ ᠤ ᠬᠤᠷᠳᠤᠴᠠ ᠪᠠᠷ
ᠠᠽᠢᠶ᠎ᠠ ᠧᠥᠷᠦᠫᠡ ᠶᠢ ᠳᠤᠭᠳᠠᠭᠠᠭᠰᠠᠨ
ᠠᠭᠤᠤ ᠴᠢᠩᠭᠢᠰ ᠤᠨ ᠵᠤᠷᠢᠭ
ᠮᠢᠨᠤ ᠦᠪ ᠭᠦᠷᠦᠩᠭᠡ
ᠦᠯᠵᠡᠢ᠌ᠮᠦ᠋ᠷᠠᠨ ᠤ ᠣᠰᠤ ᠶᠢ
ᠣᠯᠠᠭᠠᠨ ᠶᠢᠡᠷ ᠣᠭᠢᠯᠠᠭᠤᠯᠤᠭᠰᠠᠨ
ᠭᠠᠳᠠ ᠮᠠᠢ᠌ᠷᠠᠨ ᠤ ᠳᠠᠭᠤᠤ
ᠮᠢᠨᠤ ᠦᠪ ᠭᠦᠷᠦᠩᠭᠡ
ᠳᠤᠭᠤᠢ ᠰᠠᠭᠤᠭᠠᠤᠨ
ᠳᠤᠭᠣᠢ᠌ᠯᠠᠵᠤ ᠶᠠᠪᠣᠭᠰᠠᠨ
ᠳᠤᠭᠣᠢ᠌ᠯᠠᠩ ᠤᠨ ᠭᠦᠳᠡᠯᠭᠡᠭᠡᠨ
ᠮᠢᠨᠤ ᠦᠪ ᠭᠦᠷᠦᠩᠭᠡ
ᠲᠦᠮᠡᠨ ᠭᠠᠵᠠᠷ ᠤᠨ ᠠᠯᠤᠰ ᠡᠴᠡ
ᠳᠦᠷᠦᠭ᠍ᠰᠡᠨ ᠨᠤᠳᠤᠭ ᠶᠢᠡᠨ ᠵᠤᠷᠢᠭᠰᠠᠨ
ᠳᠤᠷᠭᠤᠤᠠᠴᠤᠳ ᠤᠨ ᠨᠡᠭᠦᠳᠡᠯ ᠤᠨ ᠳᠤᠭᠤᠰᠤ
ᠮᠢᠨᠤ ᠦᠪ ᠭᠦᠷᠦᠩᠭᠡ
ᠲᠦᠷᠦ ᠪᠠᠨ ᠠᠯᠳᠠᠭᠠᠤᠨ
ᠳᠦᠷᠭᠦᠮ ᠶᠢᠡᠨ ᠭᠡᠰᠡᠨ
ᠳᠤᠭᠤᠭᠠᠠᠳᠠᠮᠤᠷ ᠬᠠᠭᠠᠨ ᠤ ᠭᠡᠮᠰᠢᠯ ᠰᠢᠯᠦᠭ᠌
ᠮᠢᠨᠤ ᠦᠪ ᠭᠦᠷᠦᠩᠭᠡ
ᠡᠪᠦᠭᠡ ᠳᠡᠭᠡᠳᠦᠰ ᠤᠨ
ᠴᠢᠰᠤᠨ ᠦᠨᠦᠷᠳᠠᠢ
ᠡᠷᠳᠡᠨᠢᠰᠳᠤ ᠭᠠᠵᠠᠷ ᠰᠢᠷᠤᠢ
ᠮᠢᠨᠤ ᠦᠪ ᠭᠦᠷᠦᠩᠭᠡ
ᠡᠨᠡ ᠪᠦᠭᠦᠨ ᠡᠴᠡ ᠨᠠᠩ ᠦᠨᠡᠳᠠᠢ
ᠡᠷᠢᠶᠡᠨ ᠬᠤᠷᠸ᠎ᠠ ᠳᠤ ᠭᠠᠭᠴᠠ
ᠡᠭᠡ ᠰᠤᠶᠤᠯ᠂ ᠪᠣᠰᠤᠭ᠎ᠠ ᠥᠰᠦᠭ᠌
ᠦᠪᠡᠷ ᠤᠨ ᠮᠢᠨᠤ ᠦᠪ ᠭᠦᠷᠦᠩᠭᠡ
ᠪᠢ ᠦᠪ ᠭᠦᠷᠦᠩᠭᠡ ᠲᠡᠶ ᠭᠦᠮᠤᠨ
ᠵᠤᠬᠢᠶᠠᠭᠴᠢ᠄ ᠰᠢᠶᠧ ᠴᠢᠩ ᠱᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2756
ᠴᠠᠭ᠄ 2009 ᠤᠨ ᠤ 05 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ