ᠨᠡᠪᠲᠡᠷᠡᠨ ᠤᠷᠤᠬᠤ
ᠮᠠᠨ ᠤ ᠠᠢ᠌ᠯ ᠳᠤ ᠨᠢᠭᠡ ᠰᠠᠢ᠌ᠬᠠᠨ ᠡᠭᠡᠴᠢ ᠪᠠᠢ᠌ᠭᠰᠠᠨ
(ᠭᠠᠳᠠᠨ᠎ᠠ ᠨᠢᠭᠡ ᠰᠢᠯᠦᠭ᠌)


ᠮᠠᠨ ᠤ ᠠᠢ᠌ᠯ ᠳᠤ ᠨᠢᠭᠡ ᠰᠠᠢ᠌ᠬᠠᠨ ᠡᠭᠡᠴᠢ ᠪᠠᠢ᠌ᠭᠰᠠᠨ

ᠮᠣᠢ᠌ᠯ ᠬᠠᠷ᠎ᠠ ᠨᠢᠳᠤ ᠨᠢ ᠥᠭᠡ ᠭᠡᠯᠡᠭᠦ ᠰᠢᠭ᠌ ᠳᠤᠷᠮᠤᠯᠵᠠᠳᠠᠭ ᠪᠠᠢ᠌ᠭᠰᠠᠨ

ᠮᠠᠨ ᠤ ᠭᠢ ᠪᠠᠷ ᠬᠠᠶᠠ ᠨᠢᠭᠡ ᠢᠷᠡᠭᠡᠤᠨ ᠶᠠᠪᠣᠳᠠᠭ ᠪᠠᠢ᠌ᠭᠰᠠᠨ

ᠮᠠᠷᠭᠠᠰᠢ ᠨᠢ ᠪᠢ ᠶᠠᠭ ᠯᠠ ᠨᠢᠭᠡ ᠶᠠᠭᠤᠮ᠎ᠠ ᠪᠠᠨ ᠭᠡᠭᠡᠴᠢᠭ᠍ᠰᠡᠨ ᠰᠢᠭ᠌ ᠪᠠᠢ᠌ᠭᠰᠠᠨ


ᠭᠡᠵᠢᠭᠡ ᠪᠠᠨ ᠬᠤᠶᠠᠷ ᠰᠠᠯᠠᠭᠠᠯᠠᠵᠤ ᠭᠦᠷᠦᠳᠡᠭ᠌ ᠪᠠᠢ᠌ᠭᠰᠠᠨ

ᠭᠡᠳᠡᠢ᠌ᠪᠠᠯ ᠬᠤᠤᠰ ᠳᠠᠭᠳᠠᠭ᠎ᠠ ᠡᠪᠦᠷ ᠡᠴᠡ ᠨᠢ ᠨᠢᠰᠳᠡᠭ᠌ ᠪᠠᠢ᠌ᠭᠰᠠᠨ

ᠭᠦᠮᠦᠰᠭᠡ ᠨᠢ ᠶᠠᠭ ᠣᠳᠠᠨ ᠤ ᠨᠠᠪᠴᠢ ᠰᠢᠭ ᠪᠠᠢ᠌ᠭᠰᠠᠨ

ᠭᠦᠳᠡᠯᠵᠤ ᠪᠠᠷᠢᠬᠤ ᠨᠢ ᠣᠯᠠᠭᠠᠠᠮᠦᠴᠢᠷ ᠰᠢᠭ ᠭᠠᠩᠬᠤᠵᠤ ᠪᠠᠢ᠌ᠭᠰᠠᠨ


ᠢᠨᠢᠶᠠᠪᠠᠯ ᠬᠠᠴᠠᠷ ᠳᠤᠨᠢ ᠬᠤᠠᠳᠠᠭ᠎ᠠ ᠳᠤᠭᠳᠠᠳᠠᠭ ᠪᠠᠢ᠌ᠭᠰᠠᠨ

ᠡᠨᠡ ᠬᠤᠠᠳᠠᠭᠠᠨ ᠳ᠋ᠤᠨᠢ ᠠᠢ᠌ᠯ ᠤᠨ ᠠᠬ᠎ᠠ ᠨᠡᠷ ᠰᠤᠭᠳᠤᠳᠠᠭ ᠪᠠᠢ᠌ᠭᠰᠠᠨ

ᠢᠴᠢᠪᠠᠯ ᠨᠢᠳᠤᠨ ᠡᠴᠡ ᠨᠢ ᠰᠤᠪᠣᠤᠨ ᠪᠦᠮᠪᠦᠷᠢᠳᠡᠭ᠌ ᠪᠠᠢ᠌ᠭᠰᠠᠨ

ᠡᠨᠡ ᠰᠤᠪᠣᠤᠨ ᠲᠤ ᠨᠢ ᠠᠯᠳᠠ ᠮᠥᠩᠭᠦ ᠴᠤ ᠭᠢᠮᠳᠠᠷᠠᠳᠠᠭ ᠪᠠᠢ᠌ᠭᠰᠠᠨ


ᠬᠠᠶᠠ ᠬᠠᠶᠠ ᠪᠠᠶᠠᠰᠤᠭᠠᠤᠨ ᠳᠡᠷᠪᠠᠳᠡᠭ᠌ ᠪᠠᠢ᠌ᠭᠰᠠᠨ

《ᠬᠠᠰᠢᠶᠠᠨ ᠳᠠᠭᠠᠨ ᠳᠠᠷᠢᠭᠠᠤᠨ ᠳᠡᠭᠡᠭ᠍ᠰᠡᠨ ᠁》 ᠭᠡᠤᠨ ᠬᠠᠩᠭᠢᠨᠠᠭᠤᠯᠳᠠᠭ ᠪᠠᠢ᠌ᠭᠰᠠᠨ

ᠭᠡᠨᠡᠳᠲᠡ ᠭᠡᠨᠡᠳᠲᠡ ᠪᠠᠰᠠ ᠰᠡᠭᠦᠷᠡᠰᠤ ᠠᠯᠳᠠᠳᠠᠭ ᠪᠠᠢ᠌ᠭᠰᠠᠨ

《ᠵᠦᠰᠠᠷ ᠪᠣᠷᠤᠭᠠᠨ ᠣᠷᠤᠬᠤ ᠶᠤᠮ ᠪᠠ ᠁》 ᠭᠡᠵᠤ ᠭᠢᠩᠰᠢᠳᠡᠭ᠌ ᠪᠠᠢ᠌ᠭᠰᠠᠨ


ᠠᠢ᠌ᠯ ᠤᠨ ᠡᠭᠡᠴᠢ ᠪᠠᠨ ᠪᠢ ᠪᠢᠰᠢᠷᠠᠵᠤ ᠳᠤᠭᠤᠳᠠᠭ ᠪᠠᠢ᠌ᠭᠰᠠᠨ

ᠠᠢ᠌ᠯ ᠤᠨ ᠠᠬ᠎ᠠ ᠨᠡᠷ ᠪᠣᠯᠢᠶᠠᠯᠳᠤᠨ ᠳᠠᠭᠤᠳᠠᠭ ᠪᠠᠢ᠌ᠭᠰᠠᠨ

ᠠᠷᠢᠭᠢᠨ ᠳᠤ ᠰᠤᠭᠳᠤᠪᠠᠯ ᠨᠢᠭᠡ ᠨᠢ ᠣᠭᠢᠯᠠᠳᠠᠭ ᠳᠠᠭᠤᠯᠠᠳᠠᠭ ᠪᠠᠢ᠌ᠭᠰᠠᠨ

ᠠᠮᠢ ᠨᠠᠰᠤᠨ ᠤ ᠳ᠋ᠤᠸᠸᠯ ᠡᠭᠦᠰᠦᠮᠡᠷ ᠭᠠᠷᠤᠮᠠᠷ ᠪᠠᠢ᠌ᠭᠰᠠᠨ


ᠣᠳᠤ ᠡᠷᠭᠢᠴᠡᠭᠦᠯᠭᠦ ᠳᠤ ᠣᠨ ᠵᠢᠯ ᠺᠢᠨᠤ᠋ ᠠᠳᠠᠯᠢ ᠪᠠᠢ᠌ᠭᠰᠠᠨ

ᠣᠭᠤ ᠭᠠᠭᠴᠠ ᠠᠢ᠌ᠯ ᠤᠨ ᠡᠭᠡᠴᠢ ᠳᠤᠭᠯᠠᠭᠴᠢ ᠠᠳᠠᠯᠢ ᠪᠠᠢ᠌ᠭᠰᠠᠨ

ᠣᠯᠠᠨ ᠣᠯᠠᠨ ᠣᠴᠢᠷ ᠣᠨᠢᠰᠤᠭ᠎ᠠ ᠠᠳᠠᠯᠢ ᠪᠠᠢ᠌ᠭᠰᠠᠨ

ᠣᠷᠴᠢᠯᠠᠩ ᠳᠡᠯᠡᠭᠡᠢ ᠶᠠᠷᠤᠨᠢ ᠵᠡᠭᠦᠳᠤ ᠠᠳᠠᠯᠢ ᠪᠠᠢ᠌ᠭᠰᠠᠨ


ᠭᠦᠮᠤᠨ ᠤ ᠬᠤᠷᠸ᠎ᠠ ᠳᠤ ᠵᠢᠷᠤᠭ ᠢ ᠢᠴᠢᠭᠡᠮᠡᠷ ᠳᠦᠷᠦᠭ᠍ᠰᠡᠨ

ᠭᠦᠰᠡᠯ ᠤᠨ ᠳᠡᠯᠡᠭᠡᠢ ᠳᠤ ᠴᠡᠴᠡᠭ᠌ ᠢ ᠠᠳᠠᠭᠠᠷᠬᠠᠮᠠᠷ ᠪᠦᠵᠢᠭ᠍ᠰᠡᠨ

ᠭᠦᠳᠡᠭᠡ ᠶᠢᠨ ᠠᠮᠢᠳᠤᠷᠠᠯ ᠳᠤ ᠰᠠᠷᠠ ᠶᠢ ᠮᠥᠴᠡᠭᠡᠷᠭᠡᠮᠡᠷ ᠳᠤᠶᠠᠭᠠᠷᠠᠭᠰᠠᠨ

ᠭᠦᠳᠡᠯᠮᠦᠷᠢ ᠠᠵᠢᠯ ᠳᠤ ᠡᠷ᠎ᠡ ᠶᠢ ᠪᠠᠰᠤᠮᠠᠷ ᠴᠠᠭᠠᠷᠠᠭᠰᠠᠨ


ᠠᠢ᠌ᠯ ᠤᠨ ᠡᠭᠡᠴᠢ ᠲᠡᠶ ᠪᠠᠨ ᠪᠢ ᠠᠭᠢᠭᠠᠤᠨ ᠶᠠᠷᠤ ᠠᠭᠤᠯᠵᠠᠭᠰᠠᠨ ᠥᠭᠡᠢ

ᠠᠯᠢ ᠣᠯᠠᠨ ᠠᠬ᠎ᠠ ᠨᠡᠷ ᠤᠨ ᠭᠡᠨ ᠳ᠋ᠤᠨᠢ ᠣᠴᠢᠭᠰᠠᠨ ᠢ ᠮᠡᠳᠡᠭ᠍ᠰᠡᠨ ᠥᠭᠡᠢ

ᠠᠮᠢᠳᠤᠷᠠᠯ ᠤᠨ ᠡᠷᠭᠡ ᠪᠠᠷ ᠪᠢ ᠳᠡᠭᠦᠨ ᠢ ᠡᠷᠭᠢᠵᠤ ᠴᠢᠳᠠᠭᠰᠠᠨ ᠥᠭᠡᠢ

ᠠᠯᠳᠠᠩᠬᠠᠨ ᠨᠠᠰᠤᠨ ᠳᠤ ᠬᠤᠴᠤᠷᠤᠭᠰᠠᠨ ᠰᠠᠢ᠌ᠬᠠᠨ ᠳᠦᠷᠢ ᠶᠢ ᠨᠢ ᠮᠠᠷᠳᠠᠭᠰᠠᠨ ᠥᠭᠡᠢ


ᠮᠠᠨ ᠤ ᠠᠢ᠌ᠯ ᠳᠤ ᠨᠢᠭᠡ ᠰᠠᠢ᠌ᠬᠠᠨ ᠡᠭᠡᠴᠢ ᠪᠠᠢ᠌ᠭᠰᠠᠨ

ᠮᠣᠢ᠌ᠯ ᠬᠠᠷ᠎ᠠ ᠨᠢᠳᠤ ᠨᠢ ᠥᠭᠡ ᠭᠡᠯᠡᠭᠦ ᠰᠢᠭ᠌ ᠳᠤᠷᠮᠤᠯᠵᠠᠳᠠᠭ ᠪᠠᠢ᠌ᠭᠰᠠᠨ

ᠮᠠᠨ ᠤ ᠭᠢ ᠪᠠᠷ ᠬᠠᠶᠠ ᠨᠢᠭᠡ ᠢᠷᠡᠭᠡᠤᠨ ᠶᠠᠪᠣᠳᠠᠭ ᠪᠠᠢ᠌ᠭᠰᠠᠨ

ᠮᠠᠷᠭᠠᠰᠢ ᠨᠢ ᠪᠢ ᠶᠠᠭ ᠯᠠ ᠨᠢᠭᠡ ᠶᠠᠭᠤᠮ᠎ᠠ ᠪᠠᠨ ᠭᠡᠭᠡᠴᠢᠭ᠍ᠰᠡᠨ ᠰᠢᠭ᠌ ᠪᠠᠢ᠌ᠭᠰᠠᠨ ᠁


ᠡᠭᠡᠰᠢᠭ᠍ᠳᠤ ᠬᠠᠢ᠌ᠷ᠎ᠠ


ᠭᠠᠯ ᠰᠢᠭ ᠰᠤᠷ ᠲᠡᠶ ᠵᠠᠯᠠᠭᠤ ᠨᠠᠰᠤᠨ ᠳ᠋ᠤ

ᠪᠠᠯ ᠰᠢᠭ ᠠᠮᠳᠠᠳᠠᠢ ᠳᠤᠷᠠᠯᠠᠯ ᠪᠠᠢ᠌ᠳᠠᠭ

ᠦᠶᠡᠷ ᠰᠢᠭ᠌ ᠰᠦᠷ ᠲᠡᠶ ᠪᠣᠳᠤᠯ ᠳ᠋ᠤᠨᠢ

ᠳᠣᠢ᠌ᠮᠠᠷ ᠰᠢᠭ᠌ ᠬᠠᠢ᠌ᠷ᠎ᠠ ᠳᠦᠷᠡᠯᠵᠡᠵᠤ ᠪᠠᠢ᠌ᠳᠠᠭ


ᠳᠤᠷᠠᠯᠠᠯ ᠬᠠᠢ᠌ᠷ᠎ᠠ ᠶᠢᠨ ᠢᠠᠲ᠋ᠸᠷ ᠰᠦᠯᠵᠢᠶ᠎ᠠ ᠳ᠋ᠤ

ᠳᠠᠭᠤᠳᠤ ᠣᠷᠴᠢᠯᠠᠩ ᠰᠤᠯᠤᠩᠭ᠋ᠠᠷᠠᠨ ᠪᠠᠢ᠌ᠳᠠᠭ

ᠳᠤᠷᠭᠠᠨ ᠳᠦᠭᠦᠭᠡᠢ ᠰᠠᠤᠠᠭᠢᠯ ᠤᠨ ᠮᠠᠯᠵᠢᠶ᠎ᠠ ᠳ᠋ᠤ

ᠳᠤᠮᠤᠭᠳᠤ ᠽᠠᠮᠪᠣᠯᠢᠩ ᠣᠭᠢᠯᠠᠩᠬᠠᠨ ᠪᠠᠢ᠌ᠳᠠᠭ


ᠬᠠᠢ᠌ᠷ᠎ᠠ ᠭᠡᠵᠤ ᠰᠠᠤᠠᠭᠢᠯ ᠤᠨ ᠭᠤᠷᠤᠬ᠎ᠠ

ᠬᠠᠪᠣᠷ ᠨᠠᠮᠤᠷ ᠦᠭᠡᠶ ᠣᠠᠳᠤᠷᠤᠭᠠᠤᠨ ᠪᠠᠢ᠌ᠳᠠᠭ

ᠬᠠᠭᠠᠴᠠᠯ ᠭᠡᠵᠤ ᠵᠠᠶᠠᠭᠠᠨ ᠤ ᠬᠠᠰᠢᠯᠭ᠎ᠠ

ᠬᠠᠮᠢᠭ᠎ᠠ ᠭᠡᠵᠢᠶ᠎ᠡ ᠦᠭᠡᠶ ᠰᠡᠳᠡᠷᠡᠭᠡᠤᠨ ᠪᠠᠢ᠌ᠳᠠᠭ


ᠢᠳᠡᠭᠡᠯ ᠶᠢᠡᠷ ᠪᠣᠰᠤᠭᠰᠠᠨ ᠬᠠᠢ᠌ᠷ᠎ᠠ ᠶᠤᠮ ᠪᠣᠯ

ᠰᠡᠵᠢᠭ᠌ ᠶᠢᠡᠷ ᠶᠠᠭᠠᠭᠢᠭᠰᠠᠨ ᠴᠤ ᠨᠤᠷᠠᠭᠠᠵᠤ ᠴᠢᠳᠠᠬᠤ ᠥᠭᠡᠢ

ᠵᠢᠦᠡᠭᠦᠯ ᠶᠢᠡᠷ ᠬᠤᠯᠪᠣᠭᠰᠠᠨ ᠵᠢᠷᠦᠭᠡ ᠶᠤᠮ ᠪᠣᠯ

ᠰᠤᠳᠠᠯ ᠶᠢᠡᠷ ᠶᠠᠭᠠᠭᠢᠭᠰᠠᠨ ᠴᠤ ᠰᠠᠯᠭᠠᠵᠤ ᠳᠡᠢ᠌ᠯᠭᠦ ᠥᠭᠡᠢ


ᠦᠨᠡᠠᠴᠢ ᠨᠢᠭᠡ ᠳᠠᠩᠭ᠋ᠠᠷᠢᠭ ᠴᠢᠨᠢ ᠪᠠᠢ᠌ᠪᠠᠯ

ᠥᠭᠦᠨ ᠥᠭᠦᠳᠡᠯ᠎ᠡ ᠬᠤᠪᠢᠷᠠᠵᠤ ᠪᠣᠯᠬᠤ ᠥᠭᠡᠢ

ᠥᠭᠡᠷ᠎ᠡ ᠨᠢᠭᠡ ᠠᠩᠭ᠋ᠠᠷᠢᠭ ᠲᠤ ᠣᠴᠢᠪᠠᠴᠤ

ᠦᠰᠦᠨ ᠳᠠᠳᠤᠢ ᠴᠤ ᠴᠠᠯᠭᠠᠢ᠌ᠳᠤᠵᠤ ᠪᠣᠯᠬᠤ ᠥᠭᠡᠢ


ᠡᠯᠢᠭᠡᠨ ᠬᠠᠢ᠌ᠷ᠎ᠠ ᠵᠢᠷᠦᠭᠡᠨ ᠳᠤᠷᠠᠯᠠᠯ

ᠡᠨᠡ ᠳᠡᠯᠡᠭᠡᠢ ᠶᠢ ᠭᠦᠭ᠍ᠵᠢᠮᠳᠡᠵᠤ ᠪᠠᠢ᠌ᠳᠠᠭ

ᠡᠩᠭᠡ ᠶᠢᠨ ᠨᠠᠢ᠌ᠷ ᠮᠥᠩᠭᠡ ᠶᠢᠨ ᠨᠥᠭᠦᠷᠯᠡᠯ

ᠡᠭᠡᠰᠢᠭ᠌ ᠨᠢ ᠪᠣᠯᠤᠭᠠᠤᠨ ᠬᠠᠩᠭᠢᠨᠠᠵᠤ ᠪᠠᠢ᠌ᠳᠠᠭ ᠁

ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 2950
ᠴᠠᠭ᠄ 2005 ᠤᠨ ᠤ 06 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ