☆ ᠭᠤᠨᠢᠨᠤᠳ·ᠨᠠ᠊·ᠰᠥᠭᠡᠪᠠᠭᠠᠲᠤᠷ
ᠴᠢᠮ᠎ᠠ ᠳᠤ ᠪᠢ ᠬᠠᠢ᠌ᠷᠠᠳᠠᠢ
ᠦᠨᠡᠨ ᠶᠢᠡᠨ ᠨᠢᠭᠤᠳᠠᠭ ᠦᠭᠡᠶ ᠥᠭᠡᠨ ᠳᠡᠭᠡᠷ᠎ᠡ ᠴᠢᠨᠢ
ᠥᠨᠦᠰᠭᠦ ᠳᠤ ᠠᠨᠢᠳᠠᠭ ᠨᠢᠳᠤᠨ ᠳᠡᠭᠡᠷ᠎ᠡ ᠴᠢᠨᠢ
ᠦᠵᠡᠵᠤ ᠬᠠᠨᠤᠬᠤ ᠦᠭᠡᠶ ᠴᠢᠷᠠᠢ ᠳᠡᠭᠡᠷ᠎ᠡ ᠴᠢᠨᠢ
ᠥᠭᠡᠯᠡᠵᠤ ᠭᠠᠷᠬᠤ ᠦᠭᠡᠶ ᠭᠦᠮᠦᠰᠭᠡᠨ ᠳᠡᠭᠡᠷ᠎ᠡ ᠴᠢᠨᠢ
ᠵᠢᠷᠭᠠᠯ ᠪᠠᠢ᠌ᠳᠠᠭ᠃
ᠵᠤᠪᠠᠯᠠᠩ ᠢ ᠬᠤᠭᠤᠰᠤᠯᠠᠵᠤ (hugsalj) ᠢᠷᠡᠳᠡᠭ᠌ ᠳᠠᠷᠠ ᠵᠢᠷᠭᠠᠯ ᠳ᠋ᠤ
ᠠᠵᠠ ᠶᠢᠨ ᠨᠠᠷᠠᠨ ᠠᠶᠠᠯᠠᠨ ᠠᠶᠠᠯᠠᠭᠰᠠᠭᠠᠷ
ᠠᠷᠪᠠᠨ ᠳᠠᠪᠤᠨ ᠤ ᠰᠠᠷᠠᠨ ᠪᠣᠯᠳᠠᠯ᠎ᠠ ᠬᠤᠷᠭᠤᠳᠠᠭᠰᠠᠨ
ᠳᠦᠭᠦᠷᠢᠭ᠌ ᠰᠠᠷᠠᠨ ᠰᠠᠨᠠᠨ ᠰᠠᠨᠠᠭᠰᠠᠭᠠᠷ
ᠲᠦᠮᠡᠨ ᠮᠥᠭᠦᠯᠢᠭ᠌ ᠣᠳᠤ ᠪᠣᠯᠳᠠᠯ᠎ᠠ ᠬᠤᠷᠭᠤᠳᠠᠭᠰᠠᠨ
ᠣᠳᠤ ᠣᠳᠤᠨ ᠤ ᠳᠤᠮᠳᠠ ᠡᠴᠡ ᠭᠠᠭᠴᠠ ᠯᠠ ᠣᠳᠤ
ᠰᠦᠨᠢ ᠡᠭ᠍ᠰᠢᠳᠡᠯᠡ ᠬᠤᠷᠭᠤᠳᠠᠭᠰᠠᠨ
ᠰᠢᠯᠦᠭ᠌ ᠰᠢᠯᠦᠭ᠌ ᠤᠨ ᠮᠦᠷ ᠡᠴᠡ ᠭᠠᠭᠴᠠ ᠯᠠ ᠮᠦᠷ
ᠦᠨᠡᠨ ᠪᠣᠯᠳᠠᠯ᠎ᠠ ᠬᠤᠷᠭᠤᠳᠠᠭᠰᠠᠨ ᠡ
ᠮᠢᠨᠤ ᠠᠮᠢᠳᠤᠷᠠᠯ ᠳᠠᠷᠠ ᠯᠠ ᠪᠠᠢ᠌ᠵᠠᠢ
《ᠴᠢᠮ᠎ᠠ ᠳᠤ ᠪᠢ ᠬᠠᠢ᠌ᠷᠠᠳᠠᠢ︕》
᠊᠊᠊᠊᠊᠊᠊᠊᠊᠊᠊᠊᠊᠊᠊ 2009.02.07
ᠪᠣᠷᠤᠪᠣᠯᠠᠭ ᠳᠤ
ᠵᠤᠬᠢᠶᠠᠭᠴᠢ ᠶᠢᠨ ᠬᠠᠶᠢᠭ ᠄ ᠯᠢᠶᠤᠤᠨᠢᠩ ᠶᠡᠭᠡ ᠰᠤᠷᠭᠠᠭᠤᠯᠢ
ᠵᠤᠬᠢᠶᠠᠭᠴᠢ᠄ ᠭᠤᠨᠢᠨᠤᠳ·ᠨᠠ᠊·ᠰᠥᠭᠡᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ