ᠨᠡᠪᠲᠡᠷᠡᠨ ᠤᠷᠤᠬᠤ
ᠲᠡᠪᠤᠨ ᠬᠤᠰᠢᠭᠤ ᠮᠡᠯ ᠤᠨ ᠨᠡᠷᠡᠢ᠌ᠳᠤᠯ

ᠠᠳᠤᠭᠤ᠂ ᠥᠭᠡᠷ᠂ ᠳᠡᠮᠡᠭᠡ᠂ ᠬᠤᠨᠢ᠂ ᠢᠮᠠᠭ᠎ᠠ ᠶᠢ ᠬᠠᠮᠳᠤ  ᠳᠤᠨᠢ ᠳᠠᠪᠤᠨ ᠬᠤᠰᠢᠭᠤ ᠮᠠᠯ ᠭᠡᠳᠡᠭ᠃

ᠠᠳᠤᠭᠤ (ᠮᠤᠷᠢ )

ᠨᠢᠭᠡ ᠨᠠᠰᠤᠳᠠᠢ ᠶᠢ ᠣᠨᠠᠭ᠎ᠠ ᠭᠡᠨ᠎ᠡ᠃

ᠬᠤᠶ‍ᠠᠷ ᠨᠠᠰᠤᠳᠠᠢ ᠵᠢ ᠳᠠᠭ᠎ᠠ ᠭᠡᠨ᠎ᠡ᠃

ᠭᠤᠷᠪᠠᠨ ᠨᠠᠰᠤᠳᠠᠢ ᠶᠢ ᠰᠢᠳᠤᠯᠠᠩ ᠭᠡᠨ᠎ᠡ᠃ ᠡᠭᠦᠨ ᠳᠤ ᠡᠮ᠎ᠡ ᠶᠢ ᠨᠢ ᠪᠠᠢ᠌ᠳᠠᠰᠤ᠂ ᠪᠠᠰᠠ ᠰᠢᠳᠤᠯᠠᠩ ᠪᠠᠢ᠌ᠳᠠᠰᠤ ᠭᠡᠵᠤ᠂ ᠡᠷ᠎ᠡ ᠶᠢ ᠨᠢ ᠦᠷᠢᠶ᠎ᠠ᠂ ᠪᠠᠰᠠ ᠰᠢᠳᠤᠯᠠᠩ ᠦᠷᠢᠶ᠎ᠠ ᠭᠡᠨ᠎ᠡ᠃

ᠳᠦᠷᠪᠡᠨ ᠨᠠᠰᠤᠳᠠᠢ ᠶᠢ ᠨᠢ ᠭᠢᠵᠠᠭᠠᠯᠠᠩ ᠭᠡᠨ᠎ᠡ᠃ ᠡᠭᠦᠨ ᠳᠤ ᠡᠮ᠎ᠡ ᠶᠢ ᠨᠢ ᠭᠢᠵᠠᠭᠠᠯᠠᠩ ᠪᠠᠢ᠌ᠳᠠᠰᠤ᠂ ᠡᠷ᠎ᠡ ᠶᠢ ᠨᠢ ᠭᠢᠵᠠᠭᠠᠯᠠᠩ ᠦᠷᠢᠶ᠎ᠠ ᠭᠡᠨ᠎ᠡ᠃

ᠳᠠᠪᠤᠨ ᠨᠠᠰᠤᠳᠠᠢ ᠶᠢ ᠰᠤᠶ‍ᠤᠭᠠᠯᠠᠩ ᠭᠡᠨ᠎ᠡ᠃ ᠡᠭᠦᠨ ᠳᠤ ᠡᠮ᠎ᠡ ᠶᠢ ᠨᠢ ᠰᠤᠶ‍ᠤᠭᠠᠯᠠᠩ ᠪᠠᠢ᠌ᠳᠠᠰᠤ᠂ ᠡᠷ᠎ᠡ ᠶᠢ ᠨᠢ ᠰᠤᠶᠤᠭᠠᠯᠠᠩ ᠦᠷᠢᠶ᠎ᠠ ᠭᠡᠨ᠎ᠡ᠃

ᠵᠢᠷᠭᠤᠭᠠᠨ ᠨᠠᠰᠤᠳᠠᠢ ᠪᠠ ᠵᠢᠷᠭᠤᠭᠠᠨ ᠨᠠᠰᠤᠨ ᠡᠴᠡ ᠳᠡᠭᠡᠭ᠍ᠰᠢᠭᠢ ᠶᠢ ᠭᠦᠢᠰᠤ ᠪᠠᠷ ᠨᠢ ᠬᠤᠪᠢᠶᠠᠨ ᠨᠠᠷᠠᠯᠠᠨ᠎ᠠ᠃ ᠡᠮ᠎ᠡ ᠶᠢ ᠨᠢ ᠭᠡᠭᠦᠤ᠂ ᠡᠷ᠎ᠡ ᠶᠢ ᠨᠢ ᠬᠤᠶ‍ᠠᠷ ᠶ‍ᠠᠩᠵᠤ ᠪᠠᠷ ᠨᠠᠷᠠᠯᠠᠨ᠎ᠠ ᠂ ᠵᠠᠰᠠᠠᠠᠰᠠᠨ (ᠭᠦᠩᠭᠡᠯᠡᠭ᠍ᠰᠡᠨ ) ᠢ ᠨᠢ ᠠᠠᠠᠳᠠ ᠭᠡᠵᠤ᠂ ᠵᠠᠰᠠᠠᠠᠰᠠᠨ ᠦᠭᠡᠶ ᠶᠢ ᠨᠢ ᠠᠵᠢᠷᠭ᠎ᠠ ᠭᠡᠨ᠎ᠡ᠃

ᠪᠣᠢ ᠪᠦᠭᠦᠢ ᠣᠨᠠᠭᠠᠯᠠᠠᠠᠰᠠᠨ ᠠᠳᠤᠭᠤ ᠶᠢ ᠭᠡᠭᠦᠤ ᠭᠡᠨ᠎ᠡ᠃

ᠠᠳᠤᠭᠤ ᠶᠢ ᠣᠯᠠᠨ ᠵᠢᠰᠤ ᠪᠠᠷ ᠵᠢᠰᠦᠯᠡᠳᠡᠭ᠌᠃ ᠴᠠᠭᠠᠨ᠂ ᠰᠠᠷᠠᠯ᠂ ᠬᠤᠯᠠ᠂ ᠵᠡᠭᠡᠷᠳᠡ᠂ ᠭᠡᠭᠡᠷ᠂ ᠴᠤᠬᠤᠷ᠂ ᠪᠣᠭᠤᠷᠤᠯ ᠂ ᠴᠠᠪᠢᠳᠤᠷ ᠂ ᠭᠦᠷᠡᠩ ᠂ ᠬᠠᠯᠢᠭᠤᠨ᠂ ᠬᠤᠧᠨ᠂ ᠭᠦᠭᠡ᠂ ᠬᠠᠷ᠎ᠠ᠂ ᠬᠠᠯᠳᠠᠷ᠂ ᠪᠣᠷᠤ᠂ ᠠᠯᠠᠭ᠂ ᠬᠤᠯᠤᠭᠠᠨ᠎ᠠ ᠰᠠᠷᠠᠯ ᠂ ᠳᠠᠮᠤᠷ ᠭᠦᠭᠡ ᠁ ᠭᠡᠭᠦ ᠮᠠᠳᠤ ᠪᠠᠷ ᠵᠢᠰᠤᠯᠠᠨ᠎ᠠ᠃

ᠥᠭᠡᠷ(ᠮᠠᠯ )( ᠵᠡᠬᠦᠨ ᠣᠷᠤᠨ ᠳᠤ ᠮᠠᠯ ᠭᠡᠭᠦ )

ᠨᠢᠭᠡ ᠨᠠᠰᠤᠳᠠᠢ ᠶᠢ ᠳᠤᠭᠤᠯ ᠭᠡᠨ᠎ᠡ᠃

ᠬᠤᠶ‍ᠠᠷ ᠨᠠᠰᠤᠳᠠᠢ ᠶᠢ ᠪᠢᠷᠠᠭᠤ ᠭᠡᠨ᠎ᠡ᠃

ᠭᠤᠷᠪᠠᠨ ᠨᠠᠰᠤᠳᠠᠢ ᠶᠢ ᠰᠢᠳᠤᠯᠠᠩ ᠭᠡᠨ᠎ᠡ᠂ ᠪᠠᠰᠠ ᠭᠦᠢᠰᠤ ᠪᠠᠷ ᠨᠢ ᠢᠯᠭᠠᠵᠤ ᠡᠮ᠎ᠡ ᠶᠢ ᠨᠢ ᠭᠤᠠᠵᠢ᠂ ᠭᠤᠠᠵᠢᠨ ᠭᠡᠵᠤ᠂ ᠡᠷ᠎ᠡ ᠶᠢ ᠨᠢ ᠭᠤᠨ᠎ᠠ ᠭᠡᠨ᠎ᠡ᠃

ᠳᠦᠷᠪᠡᠨ ᠨᠠᠰᠤᠳᠠᠢ ᠶᠢ ᠭᠢᠵᠠᠭᠠᠯᠠᠩ ᠭᠡᠨ᠎ᠡ᠃ ᠪᠠᠰᠠ ᠭᠦᠢᠰᠤ ᠪᠠᠷ ᠨᠢ ᠢᠯᠭᠠᠵᠤ ᠡᠮ᠎ᠡ ᠶᠢ ᠨᠢ ᠳᠦᠠᠵᠢ᠂ ᠳᠦᠠᠵᠢᠨ᠃ ᠡᠷ᠎ᠡ ᠶᠢ ᠨᠢ ᠳᠦᠨ᠎ᠠ ᠭᠡᠨ᠎ᠡ᠃

ᠳᠠᠪᠤᠨ ᠨᠠᠰᠤᠳᠠᠢ ᠶᠢ ᠨᠢ ᠰᠤᠶᠤᠭᠠᠯᠠᠩ ᠭᠡᠨ᠎ᠡ᠃ ᠪᠠᠰᠠ ᠭᠦᠢᠰᠤ ᠪᠠᠷ ᠨᠢ ᠰᠤᠶᠤᠭᠠᠯᠠᠩ ᠭᠤᠠᠵᠢ᠂ ᠰᠤᠶᠤᠭᠠᠯᠠᠩ ᠭᠤᠠᠵᠢᠨ᠂ ᠰᠤᠶᠤᠭᠠᠯᠠᠩ ᠭᠤᠨ᠎ᠠ᠃

ᠵᠢᠷᠭᠤᠭᠠᠨ ᠨᠠᠰᠤᠨ ᠤ ᠪᠠ ᠵᠢᠷᠭᠤᠭᠠᠨ ᠨᠠᠰᠤᠨ ᠡᠴᠡ ᠳᠡᠭᠡᠭ᠍ᠰᠢᠭᠢ ᠶᠢ ᠭᠦᠢᠰᠤ ᠪᠠᠷ ᠨᠢ ᠢᠯᠭᠠᠵᠤ ᠡᠮ᠎ᠡ ᠶᠢ ᠨᠢ ᠦᠨᠢᠶ᠎ᠡ ᠭᠡᠵᠤ᠂ ᠭᠦᠩᠭᠡᠯᠡᠭ᠍ᠰᠡᠨ(ᠵᠡᠰᠡᠡᠡᠰᠡᠨ )  ᠢ ᠨᠢ ᠱᠠᠷ ᠭᠡᠵᠤ᠂ ᠭᠦᠩᠭᠡᠯᠡᠭ᠍ᠰᠡᠨ ᠦᠭᠡᠶ ᠶᠢ ᠨᠢ ᠪᠣᠬ᠎ᠠ | ᠪᠣᠠᠬᠠᠳᠠᠢ ᠭᠡᠨ᠎ᠡ᠃

ᠥᠭᠡᠷ ᠢ ᠪᠠᠰᠠ ᠣᠯᠠᠨ ᠵᠢᠰᠤ ᠪᠠᠷ ᠵᠢᠰᠦᠯᠡᠳᠡᠭ᠌᠂ ᠭᠦᠭᠡ᠂ ᠣᠯᠠᠭᠠᠨ᠂ ᠬᠠᠷ᠎ᠠ᠂ ᠴᠠᠭᠠᠨ᠂ ᠭᠦᠷᠡᠩ᠂ ᠳᠠᠯᠠᠨ᠂ ᠴᠤᠬᠤᠷ᠂ ᠬᠠᠯᠢᠭᠤᠨ ᠁ ᠭᠡᠭᠦ ᠵᠡᠷᠭᠡ ᠡᠮ᠎ᠡ ᠶᠢ ᠨᠢ ᠪᠠᠰᠠ《 ᠊ᠬᠴᠢ ᠊ᠭ᠍ᠴᠢ》ᠳᠠᠭᠠᠪᠣᠷ ᠵᠠᠯᠭᠠᠵᠤ ᠣᠯᠠᠭᠠᠠᠠᠴᠢ ᠦᠨᠢᠶ᠎ᠡ᠂ ᠬᠠᠷᠠᠠᠠᠴᠢ ᠭᠤᠠᠵᠢ ᠁ ᠭᠡᠭᠦ ᠮᠠᠳᠤ ᠪᠠᠷ ᠵᠢᠰᠦᠯᠡᠳᠡᠭ᠌᠃

ᠳᠡᠮᠡᠭᠡ

ᠨᠢᠭᠡ ᠨᠠᠰᠤᠳᠠᠢ ᠶᠢ ᠪᠣᠳᠤᠭᠤ ᠭᠡᠨ᠎ᠡ᠃

ᠬᠤᠶ‍ᠠᠷ ᠨᠠᠰᠤᠳᠠᠢ ᠶᠢ ᠳᠤᠷᠤᠮ ᠭᠡᠨ᠎ᠡ᠃

ᠭᠤᠷᠪᠠᠨ ᠨᠠᠰᠤᠳᠠᠢ ᠶᠢ ᠭᠤᠷᠪᠠᠳᠤ ᠭᠡᠨ᠎ᠡ᠃

ᠳᠦᠷᠪᠡᠨ ᠨᠠᠰᠤᠳᠠᠢ ᠶᠢ ᠳᠦᠷᠪᠡᠳᠤ ᠭᠡᠨ᠎ᠡ᠃

ᠪᠣᠢ ᠪᠦᠭᠦᠢ ᠪᠣᠳᠤᠭᠤᠯᠤᠠᠠᠰᠠᠨ ᠳᠡᠮᠡᠭᠡ ᠶᠢ ᠢᠩᠭᠡ ᠭᠡᠵᠤ᠂ ᠡᠷ᠎ᠡ ᠳᠡᠮᠡᠭᠡ ᠶᠢ ᠬᠤᠶ‍ᠠᠷ ᠶ‍ᠠᠩᠵᠤ ᠪᠠᠷ ᠨᠠᠷᠠᠯᠠᠨ᠎ᠠ᠃ ᠭᠦᠩᠭᠡᠯᠡᠭ᠍ᠰᠡᠨ ᠢ ᠨᠢ ᠠᠳᠠ ᠭᠡᠵᠤ᠂ ᠭᠦᠩᠭᠡᠯᠡᠭ᠍ᠰᠡᠨ ᠦᠭᠡᠶ ᠶᠢ ᠨᠢ ᠪᠣᠤᠷ᠎ᠠ ᠭᠡᠨ᠎ᠡ᠃

ᠳᠡᠮᠡᠭᠡ ᠶᠢ ᠪᠠᠰᠠ ᠴᠠᠭᠠᠨ ᠳᠡᠮᠡᠭᠡ᠂ ᠬᠤᠧᠨ ᠳᠡᠮᠡᠭᠡ᠂ ᠬᠠᠯᠢᠭᠤᠨ ᠳᠡᠮᠡᠭᠡ ᠭᠡᠭᠦ ᠮᠠᠳᠤ ᠪᠠᠷ ᠵᠢᠰᠦᠯᠡᠳᠡᠭ᠌᠃

ᠬᠤᠨᠢ

ᠨᠢᠭᠡ ᠨᠠᠰᠤᠳᠠᠢ ᠶᠢ ᠬᠤᠷᠠᠭ᠎ᠠ ᠭᠡᠨ᠎ᠡ᠂ ᠣᠷᠤᠢ ᠳᠦᠷᠦᠭ᠍ᠰᠡᠨ ᠬᠤᠷᠠᠭ᠎ᠠ ᠶᠢ ᠭᠡᠡᠵᠡ ᠬᠤᠷᠠᠭ᠎ᠠ ᠭᠡᠵᠤ ᠪᠠᠰᠠ ᠨᠡᠷᠡᠯᠡᠳᠡᠭ᠌᠃

ᠬᠤᠶ‍ᠠᠷ ᠨᠠᠰᠤᠳᠠᠢ ᠶᠢ ᠰᠢᠳᠤᠯᠠᠩ ᠬᠤᠨᠢ ᠭᠡᠨ᠎ᠡ᠃

ᠭᠤᠷᠪᠠᠨ ᠨᠠᠰᠤᠳᠠᠢ ᠶᠢ ᠭᠢᠵᠠᠭᠠᠯᠠᠩ ᠬᠤᠨᠢ ᠭᠡᠨ᠎ᠡ᠃ ᠡᠭᠦᠨ ᠳᠤ ᠡᠮ᠎ᠡ ᠶᠢ ᠨᠢ ᠵᠤᠰᠠᠭ ᠭᠡᠵᠤ᠂ ᠡᠷ᠎ᠡ ᠶᠢ ᠨᠢ ᠢᠷᠭᠡ( ᠭᠦᠩᠭᠡᠯᠡᠭ᠍ᠰᠡᠨ)ᠪᠡ ᠬᠤᠴᠠ(ᠭᠦᠩᠭᠡᠯᠡᠭ᠍ᠰᠡᠨ ᠦᠭᠡᠶ )ᠭᠡᠨ᠎ᠡ᠃

ᠳᠦᠷᠪᠡᠨ ᠨᠠᠰᠤᠳᠠᠢ ᠶᠢ ᠰᠤᠶ‍ᠤᠭᠠᠯᠠᠩ ᠭᠡᠨ᠎ᠡ᠃

ᠬᠤᠨᠢ ᠪᠠᠷᠤᠭ ᠪᠦᠷ ᠴᠠᠭᠠᠨ ᠵᠢᠰᠤᠳᠠᠢ ᠪᠠᠢ᠌ᠳᠠᠭ᠃ ᠬᠠᠶᠠ ᠬᠠᠷ᠎ᠠ᠂ ᠪᠣᠷᠤ ᠳᠤᠯᠤᠭᠠᠢ ᠲᠡᠶ ᠬᠤᠨᠢ ᠭᠠᠷᠳᠠᠭ᠂ ᠳᠠᠢ᠌ᠮᠤ ᠶᠢ ᠨᠢ ᠬᠠᠷ᠎ᠠ ᠳᠤᠯᠤᠭᠠᠢ᠌ᠳᠤ ᠬᠤᠨᠢ᠂ ᠪᠣᠷᠤ ᠳᠤᠯᠤᠭᠠᠢ᠌ᠳᠤ ᠬᠤᠨᠢ ᠭᠡᠳᠡᠭ᠌᠃ ᠬᠠᠷ᠎ᠠ ᠬᠤᠨᠢ᠂ ᠪᠣᠷᠤ ᠬᠤᠨᠢ ᠪᠠᠰᠠ ᠪᠠᠢ᠌ᠳᠠᠭ᠃

ᠢᠮᠠᠭ᠎ᠠ

ᠨᠢᠭᠡ ᠨᠠᠰᠤᠳᠠᠢ ᠶᠢ ᠢᠰᠢᠭᠡ ᠭᠡᠨ᠎ᠡ᠃ ᠣᠷᠤᠢ ᠳᠦᠷᠦᠭ᠍ᠰᠡᠨ ᠢᠰᠢᠭᠡ ᠶᠢ ᠭᠡᠡᠵᠡ ᠢᠰᠢᠭᠡ ᠭᠡᠨ᠎ᠡ ᠃

ᠬᠤᠶ‍ᠠᠷ ᠨᠠᠰᠤᠳᠠᠢ ᠶᠢ ᠰᠢᠳᠤᠯᠠᠩ ᠢᠮᠠᠭ᠎ᠠ ᠭᠡᠨ᠎ᠡ ᠃

ᠭᠤᠷᠪᠠᠨ ᠨᠠᠰᠤᠳᠠᠢ ᠶᠢ ᠭᠢᠵᠠᠭᠠᠯᠠᠩ ᠢᠮᠠᠭ᠎ᠠ ᠭᠡᠨ᠎ᠡ᠃ ᠡᠭᠦᠨ ᠳᠤ ᠡᠮ᠎ᠡ ᠶᠢ ᠨᠢ ᠪᠠᠰᠠ ᠵᠤᠰᠠᠭ ᠭᠡᠵᠤ᠂ ᠡᠷ᠎ᠡ ᠶᠢ ᠨᠢ ᠰᠡᠷᠭᠡ (ᠭᠦᠩᠭᠡᠯᠡᠭ᠍ᠰᠡᠨ)ᠪᠡ ᠣᠬᠤᠨ᠎ᠠ(ᠭᠦᠩᠭᠡᠯᠡᠭ᠍ᠰᠡᠨ ᠥᠭᠡᠢ )ᠭᠡᠨ᠎ᠡ ᠃

ᠢᠮᠠᠭ᠎ᠠ ᠶᠢ ᠣᠯᠠᠨ ᠵᠢᠰᠤ ᠪᠠᠷ ᠵᠢᠰᠦᠯᠡᠳᠡᠭ᠌᠂ ᠴᠠᠭᠠᠨ᠂ ᠬᠠᠷ᠎ᠠ᠂ ᠭᠦᠭᠡ᠂ ᠵᠠᠭᠠᠯ(ᠭᠦᠵᠦᠭᠦᠤ ᠪᠠᠷ ᠶᠢᠡᠨ ᠣᠯᠠᠪᠳᠤᠷ ᠦᠰᠤ ᠲᠡᠶ )᠂ ᠣᠷᠤᠭ (ᠰᠢᠷᠠᠪᠳᠤᠷ ᠦᠰᠦᠳᠠᠢ )ᠭᠡᠭᠦ ᠮᠠᠳᠤ ᠪᠠᠷ ᠵᠢᠰᠤᠯᠠᠨ᠎ᠠ᠃

ᠵᠤᠭᠢᠶ‍ᠠᠭᠴᠢ ᠶᠢᠨ ᠬᠠᠶ‍ᠢᠭ ᠄ ᠣᠷᠠᠤᠨ ᠤᠨ ᠬᠣᠢ᠌ᠳᠤ ᠬᠤᠰᠢᠭᠤ

ᠵᠤᠬᠢᠶᠠᠭᠴᠢ᠄ ᠨᠠᠰᠤᠨᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 21802
ᠴᠠᠭ᠄ 2010 ᠤᠨ ᠤ 10 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ