ᠨᠡᠪᠲᠡᠷᠡᠨ ᠤᠷᠤᠬᠤ
ᠠᠷᠢᠬᠢᠨ ᠳᠤ ᠰᠢᠨᠤᠭᠰᠠᠨ ᠬᠦᠮᠦᠨ

ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊

ᠳᠠᠷᠢᠭᠢ ᠳᠤᠯᠤᠭᠠᠢ ᠨᠢ ᠪᠢᠳᠡᠭᠦᠷᠡᠨ᠎ᠡ

ᠳᠤᠮᠤᠭ᠎ᠠ ᠣᠬᠠᠭᠠᠨ ᠨᠢ ᠪᠠᠯᠠᠢ᠌ᠷᠠᠨ᠎ᠠ

ᠳᠠᠮᠢᠷ ᠰᠦᠯᠳᠡ ᠨᠢ ᠪᠠᠷᠠᠭᠳᠠᠨ᠎ᠠ

ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊

ᠵᠤᠷᠢᠭ ᠰᠦᠰᠦ ᠨᠢ ᠪᠦᠳᠦᠭᠦᠷᠡᠨ᠎ᠡ

ᠵᠤᠭᠤᠰ ᠮᠥᠩᠭᠦ ᠪᠠᠨ ᠪᠦᠷᠢᠯᠭᠡᠨ᠎ᠡ

ᠵᠤᠪᠠᠯᠠᠩ ᠬᠤᠳᠠᠯᠳᠤᠵᠤ ᠠᠪᠣᠨ᠎ᠠ

ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊

ᠭᠡᠯᠡ ᠠᠮᠠ ᠴᠢᠷᠤᠨ᠎ᠠ

ᠭᠡᠷᠡᠭᠦᠯ ᠵᠢᠭᠤᠷᠭᠠᠨ ᠡᠳᠦᠨ᠎ᠡ

ᠭᠡᠷᠡᠭ᠌ ᠵᠠᠷᠭᠤ ᠳᠠᠳᠠᠨ᠎ᠠ

ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊

ᠠᠳᠤᠭᠤ ᠮᠠᠯ ᠨᠢ ᠴᠥᠭᠡᠷᠡᠨ᠎ᠡ

ᠠᠪᠳᠠᠷ᠎ᠠ ᠬᠤᠷᠭᠤ ᠨᠢ ᠬᠤᠭᠤᠰᠤᠷᠠᠨ᠎ᠠ

ᠠᠳᠠᠯ ᠠᠮᠢᠳᠤᠷᠠᠯ ᠨᠢ ᠶᠠᠳᠠᠭᠤᠷᠠᠨ᠎ᠠ

ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊

ᠡᠷᠳᠡᠮ ᠮᠡᠳᠡᠯᠭᠡ ᠨᠢ ᠬᠠᠭᠠᠭᠳᠠᠨ᠎ᠠ

ᠡᠷᠭᠢᠮ ᠠᠯᠳᠠᠷ ᠨᠢ ᠬᠤᠭᠤᠷᠠᠨ᠎ᠠ

ᠣᠢ᠌ᠯᠠᠰ ᠠᠵᠢᠯ ᠳᠠᠭᠠᠨ ᠭᠤᠯᠤᠭᠳᠠᠨ᠎ᠠ

ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊

ᠠᠠᠳᠠ ᠨᠠᠢ᠌ᠵᠠᠰ ᠨᠢ ᠵᠠᠢ᠌ᠳᠠᠨ᠎ᠠ

ᠠᠴᠢᠷ ᠦᠷᠡᠰ ᠨᠢ ᠵᠢᠭ᠍ᠰᠢᠨ᠎ᠡ

ᠠᠮᠠᠷᠠᠭ ᠬᠤᠩᠭ᠋ᠤᠷ ᠨᠢ ᠵᠢᠭᠤᠳᠠᠨ᠎ᠠ

ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊

ᠡᠷᠡᠭᠦᠯ ᠮᠠᠳᠠᠷᠠᠯ ᠨᠢ ᠥᠭᠡᠢ᠌ᠭᠢᠭ᠍ᠳᠡᠨ᠎ᠡ

ᠡᠪᠠᠦᠡᠴᠢᠨ ᠳᠠᠬᠤᠯ ᠳᠤ ᠣᠷᠢᠶᠠᠭᠳᠠᠨ᠎ᠠ

ᠡᠷᠯᠢᠭ᠌ ᠤᠨ ᠴᠠᠯᠮ᠎ᠠ ᠳᠤ ᠣᠶᠠᠭᠳᠠᠨ᠎ᠠ᠃


ᠵᠤᠬᠢᠶᠠᠭᠴᠢ᠄ ᠴ·ᠪᠠᠶᠠᠰᠤᠯ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄ ᠰᠢᠯᠦᠭ
ᠳᠠᠷᠤᠮ᠄ 3520
ᠴᠠᠭ᠄ 2006 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ