ᠨᠡᠪᠲᠡᠷᠡᠨ ᠤᠷᠤᠬᠤ
ᠳᠠᠷᠠ ᠊᠊᠊᠊᠊᠊᠊᠊᠊᠊᠊᠊᠊᠊᠊ ᠴᠠᠭ ᠊᠊᠊᠊᠊᠊᠊᠊᠊᠊᠊᠊᠊᠊᠊ ᠣᠷᠤᠨ ᠵᠠᠢ

ᠨᠢᠭᠡ

ᠬᠠᠨ ᠬᠤᠷᠸ᠎ᠠ ᠶᠢᠨ ᠳᠤᠭᠤᠰᠤᠨ ᠳᠤᠮᠳᠠ

ᠬᠠᠢ᠌ᠷ᠎ᠠ ᠶᠢᠨ ᠭᠡᠭᠡᠨ ᠰᠠᠷᠠᠨ ᠳᠦᠭᠡᠷᠢᠪᠡ

ᠪᠢ ᠶᠠᠷᠤ ᠡᠴᠡ ᠪᠠᠨ ᠵᠡᠭᠦᠳᠤ ᠪᠢᠰᠢ ᠭᠡᠳᠡᠭ᠌ ᠢ

ᠳᠡᠭᠦᠨ ᠳᠤ ᠭᠡᠯᠡᠭᠦ ᠴᠠᠭ ᠮᠢᠨᠢ ᠪᠣᠯᠵᠠᠢ᠂

     ᠬᠤᠶᠠᠷ

ᠪᠢᠳᠠ ᠪᠦᠭᠦᠨ ᠰᠦᠨᠢ ᠶᠢᠨ ᠬᠡᠦᠬᠡᠳ

ᠰᠠᠷᠠᠨ᠂ ᠰᠡᠳᠭᠢᠯ ᠤᠨ ᠳᠤᠩᠭ᠋ᠠᠯᠠᠭ ᠢᠨᠢᠶᠠᠳᠤ

ᠪᠢᠳᠠᠨ ᠪᠦᠭᠦᠨ ᠤ ᠣᠷᠤᠨ ᠵᠠᠢ  

ᠭᠡᠭᠡᠷ᠎ᠡ ᠳᠠᠯ᠎ᠠ ᠳᠤ ᠡᠷᠭᠡᠯᠡᠨ ᠦᠯᠠᠳᠠᠵᠠᠢ᠂

     ᠭᠤᠷᠪᠠ

ᠵᠠᠮᠬᠠᠷᠠᠨ ᠬᠤᠯᠠᠳᠤᠬᠤ ᠨᠢ ᠳᠤᠷᠠᠰᠤᠮᠵᠢ ᠪᠢᠰᠢ

ᠵᠠᠭᠤᠷᠢᠳᠠ ᠶᠢᠨ ᠠᠮᠢᠰᠬᠤᠭ᠎ᠠ ᠶᠤᠮ ᠭᠡᠭᠦ ᠳ᠋ᠤ

ᠠᠮᠢᠰᠬᠤᠭ᠎ᠠ᠂ ᠠᠭᠠᠷ ᠭᠦᠭᠦᠨ ᠳᠡᠭᠦᠨ ᠤ

ᠠᠷᠢᠭᠤᠨ ᠦᠨᠦᠷ ᠢ ᠰᠠᠨᠠᠬᠤ ᠶᠤᠮ᠂

     ᠳᠦᠷᠪᠠ

ᠳᠠᠷᠠ ᠮᠢᠨᠤ ᠠᠮᠢᠳᠤᠷᠠᠯ ᠤᠨ ᠭᠢ ᠪᠣᠰᠤ

ᠳᠤᠤᠯᠠ ᠶᠢᠨ ᠴᠡᠭᠡᠯ ᠳᠤ ᠰᠢᠩᠭᠡᠭ᠍ᠰᠡᠨ ᠳᠠᠭᠢᠨᠢ ᠶᠤᠮ

ᠳᠡᠭᠦᠨ ᠤ ᠴᠢᠷᠠᠢ ᠶᠢ ᠬᠠᠷᠠᠬᠤ ᠊ᠭ᠍ᠱᠡᠨ ᠳ᠋ᠤ

ᠰᠠᠯᠭᠢ᠂ ᠡᠪᠦᠯ ᠤᠨ ᠴᠠᠰᠤᠨ ᠠᠶᠠᠯᠭᠤ ᠶᠢ ᠮᠠᠷᠳᠠᠵᠠᠢ᠂

     ᠳᠠᠪᠣ

ᠰᠡᠳᠭᠢᠯ ᠤᠨ ᠳᠡᠩᠭᠡᠭᠡ ᠭᠡᠭ᠍ᠴᠢ ᠣᠳᠤᠳ ᠤᠨ ᠬᠠᠢ᠌ᠷ᠎ᠠ ᠶᠤᠮ

ᠴᠡᠩᠭᠡᠷ ᠥᠩᠭᠡ ᠭᠡᠭ᠍ᠴᠢ ᠳᠤᠷᠠᠰᠤᠮᠵᠢ ᠶᠢᠨ ᠥᠩᠭᠡ ᠶᠤᠮ

ᠬᠠᠷᠢᠨ ᠳᠡᠭᠦᠨ ᠤ ᠳᠠᠭᠤ ᠬᠤᠭᠤᠯᠠᠢ ᠶᠢᠨ ᠭᠦᠭ᠌ ᠭᠡᠭ᠍ᠴᠢ

ᠣᠢ ᠣᠬᠠᠭᠠᠨ ᠤ ᠥᠯᠢᠭᠡᠷ ᠮᠦᠨ ᠢ ᠪᠢ ᠮᠠᠷᠳᠠᠪᠠ᠂

     ᠵᠢᠷᠭᠤᠭ᠎ᠠ

ᠶᠡᠭᠡ ᠳᠠᠯᠠᠢ ᠣᠭᠢᠯᠠᠵᠤ᠂ ᠡᠭᠦᠯᠡ ᠨᠡᠭᠦᠪᠡ

ᠶᠡᠭᠡ ᠳᠠᠯ᠎ᠠ ᠨᠠᠮᠤᠭᠤᠨ ᠪᠠᠰᠠ ᠡᠩᠭᠡᠵᠢᠭᠦᠨ

ᠳᠠᠷᠠ ᠊᠊᠊᠊᠊᠊᠊᠊᠊᠊᠊᠊᠊᠊᠊ ᠬᠤᠯᠠᠳᠤᠪᠠ

ᠪᠢ ᠴᠤ ᠊᠊᠊᠊᠊᠊᠊᠊᠊᠊᠊᠊᠊᠊᠊ ᠬᠠᠯᠠᠳᠤᠪᠠ

ᠡ᠊ᠨᠳᠡᠭᠢ ᠶᠢᠨ ᠠᠭᠠᠷ ᠢ ᠪᠢᠳᠡᠭᠡᠢ ᠭᠦᠡᠳᠡ

ᠰᠠᠷᠠᠨ ᠠᠮᠢᠰᠬᠤᠭ᠎ᠠ ᠠᠪᠴᠤ ᠪᠠᠢ᠌ᠨ᠎ᠠ

ᠣᠷᠤᠨ ᠵᠠᠢ ᠴᠤ ᠠᠮᠢᠰᠬᠤᠭ᠎ᠠ ᠠᠪᠴᠤ ᠪᠠᠢ᠌ᠨ᠎ᠠ

ᠳᠡᠭ᠍ᠷᠢ ᠴᠤ ᠠᠮᠢᠰᠬᠤᠭ᠎ᠠ ᠠᠪᠴᠤ ᠪᠠᠢ᠌ᠨ᠎ᠠ ᠁

      ᠲ᠋ᠤᠯᠤᠭ᠎ᠠ

ᠴᠢᠮᠡᠭᠡ ᠦᠭᠡᠶ ᠪᠠᠢ᠌ᠭᠠᠷᠠᠢ ᠁


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2621
ᠴᠠᠭ᠄ 2011 ᠤᠨ ᠤ 03 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ