ᠨᠡᠪᠲᠡᠷᠡᠨ ᠤᠷᠤᠬᠤ
ᠳᠦᠴᠢᠨ ᠨᠠᠰᠤᠨ ᠤ ᠬᠦᠪᠡᠭᠡᠨ ᠳᠤ

(ᠭᠠᠳᠠᠨ᠎ᠠ ᠨᠢᠭᠡ ᠰᠢᠯᠦᠭ᠌)


ᠳᠤᠭ ᠴᠤ ᠡᠷᠭᠦᠵᠤ ᠴᠢᠳᠠᠭᠰᠠᠨ ᠥᠭᠡᠢ

ᠳᠤᠭᠤᠯ ᠴᠤ ᠬᠠᠷᠢᠭᠤᠯᠵᠤ ᠶᠠᠪᠣᠭᠰᠠᠨ ᠥᠭᠡᠢ

ᠥᠩᠭᠡ ᠮᠥᠩᠭᠦ ᠪᠠᠷ ᠭᠡᠭᠡᠷᠡᠭ᠍ᠰᠡᠨ ᠥᠭᠡᠢ

ᠠᠷᠢᠭᠢ ᠳᠠᠮᠠᠭᠢ ᠪᠠᠷ ᠯᠠᠷᠵᠢᠶᠠᠯᠠᠭᠰᠠᠨ ᠥᠭᠡᠢ

ᠳᠦᠴᠢᠨ ᠨᠠᠰᠤ ᠶᠢ ᠭᠦᠪᠠᠭᠡᠳᠡᠯ᠎ᠡ


ᠴᠡᠭᠡᠵᠢᠨ ᠳᠤ ᠡᠮᠡᠭᠡᠯ ᠲᠡᠶ ᠮᠤᠷᠢ

ᠡᠷᠭᠢᠯᠳᠦᠭ᠍ᠰᠡᠨ ᠥᠭᠡᠢ

ᠴᠢᠭᠢᠨ ᠳᠤ ᠡᠭᠡᠨᠡᠷ ᠤᠨ ᠳᠠᠷᠨᠢ

ᠰᠢᠪᠦᠭᠡᠨᠡᠭ᠍ᠰᠡᠨ ᠥᠭᠡᠢ

ᠠᠴᠢᠳᠤ ᠬᠤᠶᠠᠷ ᠠᠭᠤᠯᠠ ᠪᠠᠨ ᠵᠢᠷᠭᠠᠭᠤᠯᠤᠭ᠎ᠠ ᠥᠭᠡᠢ

ᠠᠩᠭᠢᠷ ᠭᠠᠭᠴᠠᠬᠠᠨ ᠦᠷ᠎ᠡ ᠪᠠᠨ ᠳᠡᠷᠪᠠᠭᠦᠯᠦᠭᠡ ᠥᠭᠡᠢ

ᠳᠦᠴᠢᠨ ᠨᠠᠰᠤ ᠶᠢ ᠭᠦᠪᠠᠭᠡᠳᠡᠯ᠎ᠡ


ᠰᠢᠯᠦᠭ᠌ ᠤᠨ ᠭᠡᠳᠤᠨ ᠨᠠᠢ᠌ᠵᠠ ᠡᠴᠡ ᠥᠭᠡᠷ᠎ᠡ

ᠰᠠᠤᠠᠭᠢᠯ ᠤᠨ ᠠᠬ᠎ᠠ ᠳᠡᠭᠦᠤ ᠥᠭᠡᠢ

ᠰᠡᠳᠭᠦᠯ ᠤᠨ ᠭᠡᠳᠤᠨ ᠮᠥᠩᠭᠦ ᠡᠴᠡ ᠠᠰᠳᠠᠭᠠᠨ

ᠭᠡᠭᠡᠷ᠎ᠡ ᠶᠢᠨ ᠣᠯᠵᠠ ᠥᠭᠡᠢ

ᠦᠨᠡᠨ ᠶᠢᠡᠨ ᠪᠢᠴᠢᠵᠤ

ᠪᠠᠯᠠᠨ ᠶᠢᠡᠨ ᠬᠠᠭᠤᠯᠤᠭᠠᠤᠨ

ᠣᠷᠭᠤᠬᠤ ᠨᠠᠷᠠ ᠶᠢ ᠬᠠᠢ᠌ᠷ᠎ᠠ ᠪᠠᠷ ᠣᠭᠳᠤᠵᠤ

ᠣᠨᠠᠬᠤ ᠰᠠᠷᠠ ᠶᠢ ᠰᠢᠯᠦᠭ᠌ ᠶᠢᠡᠷ ᠰᠥᠯᠡᠭ᠍ᠰᠡᠭᠡᠷ

ᠳᠦᠴᠢᠨ ᠨᠠᠰᠤ ᠶᠢ ᠭᠦᠪᠠᠭᠡᠳᠡᠯ᠎ᠡ


ᠵᠢᠩᠰᠠᠳᠠᠨ ᠳᠤ ᠵᠦᠪ ᠥᠵᠡᠭ᠍ᠳᠡᠭᠡ ᠥᠭᠡᠢ

ᠬᠤᠩᠬᠤᠳᠠᠨ ᠳᠤ ᠬᠤᠷᠮᠤᠢ ᠣᠷᠭᠤᠭᠤᠯᠤᠭ᠎ᠠ ᠥᠭᠡᠢ

ᠨᠢᠳᠤᠨ ᠬᠠᠷᠠᠭ᠎ᠠ ᠮᠠᠭᠤ ᠴᠤ

ᠮᠠᠭᠤ ᠭᠦᠮᠤᠨ ᠢ ᠳᠠᠨᠢᠳᠠᠭ

ᠰᠢᠳᠤᠨ ᠠᠷᠠᠭ᠎ᠠ ᠰᠠᠢ᠌ᠨ ᠴᠤ

ᠰᠠᠢ᠌ᠨ ᠬᠤᠭᠤᠯᠠ ᠡᠴᠡ ᠵᠠᠢ᠌ᠯᠠᠳᠠᠭ

ᠪᠠᠶ᠎ᠠ ᠪᠠᠨ ᠭᠠᠮᠨᠠᠬᠤ ᠦᠭᠡᠶ ᠵᠢᠦᠡᠭᠦᠭ᠍ᠰᠡᠭᠡᠷ

ᠪᠢᠯᠳᠠᠤᠴᠢᠯᠠᠬᠤ ᠶᠢ ᠴᠢᠳᠠᠬᠤ ᠦᠭᠡᠶ ᠶᠠᠪᠣᠭᠰᠠᠭᠠᠷ

ᠳᠦᠴᠢᠨ ᠨᠠᠰᠤ ᠶᠢ ᠭᠦᠪᠠᠭᠡᠳᠡᠯ᠎ᠡ


ᠭᠦᠮᠤᠨ ᠤ ᠰᠠᠢ᠌ᠨ ᠢ ᠵᠠᠷᠢᠮ ᠳᠠᠭᠠᠨ ᠮᠠᠷᠳᠠᠳᠠᠭ

ᠦᠪᠡᠷ ᠤᠨ ᠪᠠᠶ᠎ᠠ ᠪᠠᠨ ᠬᠠᠶᠠ ᠳᠠᠭᠠᠨ ᠮᠠᠭᠳᠠᠳᠠᠭ

ᠭᠦᠡᠵᠢᠯᠡ ᠪᠠᠨ ᠮᠡᠳᠡᠭᠦ ᠥᠭᠡᠢ

ᠭᠦᠯ ᠶᠢᠡᠨ ᠵᠢᠭᠢᠭ᠍ᠰᠡᠭᠡᠷ

ᠭᠢᠷᠢ ᠪᠠᠨ ᠮᠡᠳᠡᠭᠦ ᠥᠭᠡᠢ

ᠥᠭᠡ ᠪᠠᠨ ᠭᠡᠯᠡᠭ᠍ᠰᠡᠭᠡᠷ

ᠳᠦᠴᠢᠨ ᠨᠠᠰᠤ ᠶᠢ ᠭᠦᠪᠠᠭᠡᠳᠡᠯ᠎ᠡ


ᠣᠷᠤᠢ ᠡᠷᠳᠡ ᠮᠤᠩᠭ᠋ᠤᠯ ᠰᠠᠤᠠᠭᠢᠯ ᠶᠢᠡᠨ ᠳᠡᠯᠭᠡᠵᠤ

ᠮᠤᠷᠤᠢ ᠰᠠᠷᠤᠢ ᠮᠤᠩᠭ᠋ᠤᠯ ᠰᠠᠤᠠᠭᠢᠯ ᠶᠢᠡᠨ ᠭᠡᠯᠭᠢᠵᠤ

ᠪᠢᠴᠢᠭ᠌ ᠰᠤᠳᠤᠷ ᠡᠴᠡ ᠮᠢᠩᠭ᠋ᠠᠨ ᠣᠨ ᠢ ᠠᠰᠠᠭᠤᠵᠤ

ᠪᠢᠷ ᠪᠠᠭᠡᠰ ᠡᠴᠡ ᠮᠢᠳᠠᠷᠠᠰᠢ ᠦᠭᠡᠶ ᠶᠢ ᠡᠷᠢᠯᠭᠢᠯᠡᠭ᠍ᠰᠡᠭᠡᠷ

ᠳᠦᠴᠢᠨ ᠨᠠᠰᠤ ᠶᠢ ᠭᠦᠪᠠᠭᠡᠳᠡᠯ᠎ᠡ ᠡ ᠁


ᠠᠷᠢᠭᠢ ᠣᠤᠭᠤᠪᠠ


《ᠮᠥᠩᠭᠦᠨ ᠬᠤᠠᠳᠠᠭ᠎ᠠ》 ᠪᠠᠷ ᠣᠤᠭᠤᠭᠰᠠᠭᠠᠷ ᠣᠤᠭᠤᠭᠰᠠᠭᠠᠷ

ᠮᠠᠨ ᠤ ᠮᠤᠩᠭ᠋ᠤᠯᠴᠤᠳ

《ᠳᠦᠷᠪᠡᠨ ᠳᠠᠯᠠᠢ》 ᠵᠢ ᠰᠢᠷᠭᠢᠳᠠᠯ᠎ᠠ ᠣᠤᠭᠤᠪᠠ

《ᠠᠯᠳᠠᠨ ᠬᠤᠠᠳᠠᠭ᠎ᠠ》 ᠪᠠᠷ ᠠᠮᠰᠠᠭᠰᠠᠭᠠᠷ ᠠᠮᠰᠠᠭᠰᠠᠭᠠᠷ

ᠮᠠᠨ ᠤ ᠮᠤᠩᠭ᠋ᠤᠯᠴᠤᠳ

《ᠳᠡᠭ᠍ᠷᠢ ᠶᠢᠨ ᠰᠠᠯᠭᠢ》 ᠵᠢ ᠰᠤᠭᠳᠤᠳᠠᠯ᠎ᠠ ᠠᠮᠰᠠᠪᠠ

《ᠣᠷᠢᠳᠤ ᠵᠥᠭ᠌ ᠡᠴᠡ ᠨᠢᠰᠦᠭᠡᠤᠨ ᠢᠷᠡᠭᠦ ᠨᠢ ᠁》 ᠭᠡᠤᠨ

ᠣᠤᠭᠤᠭᠰᠠᠨ ᠤ ᠪᠠᠨ ᠰᠡᠭᠦᠯᠡᠷ

ᠣᠶᠠᠷᠠᠭᠤᠯᠳᠠᠭ ᠪᠣᠯᠪᠠ

《ᠣᠴᠢᠷ ᠨᠢ ᠪᠢ ᠮᠤᠩᠭ᠋ᠤᠯ ᠭᠦᠮᠤᠨ》 ᠭᠡᠤᠨ

ᠬᠠᠯᠠᠰᠤᠭᠰᠠᠨ ᠤ ᠪᠠᠨ ᠬᠣᠢ᠌ᠨ᠎ᠠ

ᠬᠠᠰᠭᠢᠷᠳᠠᠭ ᠪᠣᠯᠪᠠ

《ᠣᠭ ᠭᠡᠯᠡ ᠪᠠᠷ ᠶᠢᠡᠨ ᠭᠡᠳᠥᠢᠪᠠᠷ ᠶᠠᠷᠢᠵᠤ ᠴᠢᠳᠠᠬᠤ ᠦᠭᠡᠶ ᠪᠣᠯᠪᠠᠵᠤ ᠁》 ᠭᠡᠤᠨ

ᠰᠤᠭᠳᠤᠭᠰᠠᠨ ᠤ ᠰᠡᠭᠦᠯᠡᠷ

ᠣᠭᠢᠯᠠᠳᠠᠭ ᠪᠣᠯᠪᠠ ᠁


《ᠵᠠᠩ ᠮᠦᠷᠠᠨ ᠤ ᠣᠰᠤ》 ᠪᠠᠨ

ᠴᠤᠴᠠᠳᠠᠯ᠎ᠠ ᠣᠤᠭᠤᠪᠠ

《ᠵᠢᠢ᠌ ᠳᠠᠯ᠎ᠠ ᠶᠢᠨ ᠭᠤᠷᠭᠤᠤᠯ》 ᠵᠢᠠᠨ

ᠥᠷᠭᠦᠳᠡᠯ᠎ᠡ ᠣᠤᠭᠤᠪᠠ

《ᠵᠢᠭᠠᠬᠠᠨ ᠰᠢᠷᠭ᠎ᠠ》 ᠪᠠᠨ

ᠪᠣᠯᠭᠢᠳᠠᠯ᠎ᠠ ᠣᠤᠭᠤᠪᠠ

《ᠵᠢᠠᠵᠤᠤᠷ ᠠᠩᠭ᠋᠎ᠠ》 ᠪᠠᠨ

ᠣᠭᠢᠯᠠᠳᠠᠯ᠎ᠠ ᠣᠤᠭᠤᠪᠠ

《ᠭᠠᠳᠠ ᠮᠠᠢ᠌ᠳᠠᠨ》 ᠵᠢᠠᠨ

ᠭᠠᠢ᠌ᠬᠠᠳᠠᠯ᠎ᠠ ᠣᠤᠭᠤᠪᠠ

《ᠰᠢᠱᠤ ᠮᠠᠢ᠌ᠷᠠᠨ》 ᠵᠢᠠᠨ

ᠰᠢᠮᠰᠢᠷᠠᠳᠠᠯ᠎ᠠ ᠣᠤᠭᠤᠪᠠ

ᠭᠠᠵᠠᠷ ᠨᠤᠳᠤᠭ ᠵᠢᠠᠨ

ᠳᠠᠢ᠌ᠪᠠᠯᠵᠠᠳᠠᠯ᠎ᠠ ᠣᠤᠭᠤᠪᠠ

ᠭᠠᠭᠴᠠᠬᠠᠨ ᠠᠮᠢ ᠪᠠᠨ

ᠠᠯᠳᠠᠳᠠᠯ᠎ᠠ ᠣᠤᠭᠤᠪᠠ ᠁


ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 3053
ᠴᠠᠭ᠄ 2005 ᠤᠨ ᠤ 06 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ