ᠨᠡᠪᠲᠡᠷᠡᠨ ᠤᠷᠤᠬᠤ
ᠳᠤᠷᠠᠯᠠᠵᠤ ᠶᠠᠪᠣᠬᠤ ᠰᠠᠢ᠌ᠬᠠᠨ

ᠳᠤᠤᠯᠢᠮ᠎ᠠ ᠬᠤᠷᠸ᠎ᠠ ᠳᠤ ᠳᠤᠷᠠᠯᠠᠵᠤ ᠶᠠᠪᠣᠬᠤ ᠰᠠᠢ᠌ᠬᠠᠨ

ᠳᠤᠷᠠᠯᠠᠵᠤ ᠶᠠᠪᠣᠭᠠᠤᠨ ᠳᠠᠭᠤᠨ ᠳᠤ ᠪᠠᠨ ᠣᠶᠠᠷᠠᠬᠤ ᠰᠠᠢ᠌ᠬᠠᠨ

ᠳᠤᠳᠤᠷ ᠳᠠᠪᠣ ᠴᠤᠯᠤ ᠶᠢᠨ ᠶᠢᠡᠨ ᠠᠯᠢ ᠨᠢᠭᠡ ᠨᠢ ᠳᠤᠳᠠᠭᠰᠠᠨ ᠰᠢᠤᠬᠠᠨ

ᠳᠠᠮᠠᠢ ᠯᠠ ᠣᠢ᠌ᠮᠤᠷᠴᠤ ᠥᠭᠡᠢ᠌ᠯᠡᠵᠤ ᠶᠠᠪᠣᠬᠤ ᠰᠠᠢ᠌ᠬᠠᠨ

ᠭᠡᠦᠭᠡᠨ ᠪᠣᠯᠪᠠᠷᠠᠢ ᠭᠠᠷ ᠢ ᠴᠢᠨᠢ ᠭᠦᠳᠦᠯᠵᠤ

ᠭᠦᠳᠦᠯ ᠳᠠᠪᠠᠨ ᠠᠯᠬᠤᠯᠠᠬᠤ ᠶᠠᠭᠤᠳᠠᠢ ᠰᠠᠢ᠌ᠬᠠᠨ

ᠦᠷ ᠦᠳᠡᠰᠢ ᠶᠢᠨ ᠪᠣᠯᠵᠤᠭᠠᠨ ᠤ ᠭᠠᠵᠠᠷ ᠳ᠋ᠠᠭᠠᠨ

ᠥᠭᠡᠢ᠌ᠯᠡᠵᠤ ᠴᠢᠮᠠᠢ ᠭᠦᠯᠢᠶᠡᠵᠤ ᠰᠠᠭᠤᠬᠤ ᠴᠤ ᠰᠠᠢ᠌ᠬᠠᠨ

ᠡᠷ᠎ᠡ ᠬᠤᠩᠭ᠋ᠤᠷ ᠵᠢᠷᠦᠭᠡᠨ ᠤ ᠪᠠᠨ

ᠦᠷᠦᠴᠠ ᠪᠠᠨ ᠳᠠᠯᠳᠤᠨ ᠳᠦᠭ᠍ᠰᠢᠭᠦ ᠶᠢ ᠴᠢᠩᠨᠠᠵᠤ

ᠡᠮᠨᠢᠩ ᠬᠤᠩᠭ᠋ᠤᠷ ᠬᠠᠢ᠌ᠷ᠎ᠠ ᠶᠢᠨ ᠭᠢ ᠪᠠᠨ

ᠠᠮᠠᠭᠠᠢ ᠶᠢ ᠳᠠᠷᠤᠨ ᠳᠠᠪᠭᠢᠭᠤᠯᠵᠤ ᠶᠠᠪᠣᠬᠤ ᠰᠠᠢ᠌ᠬᠠᠨ

ᠳᠤᠷᠠᠯᠠᠯ ᠤᠨ ᠠᠷᠠᠵᠠᠨ ᠳᠤ ᠰᠤᠭᠳᠤᠵᠤ ᠶᠠᠪᠣᠬᠤ ᠴᠤ ᠰᠠᠢ᠌ᠬᠠᠨ

ᠳᠤᠷᠠᠰᠴᠤ ᠴᠢᠮᠢ᠋ᠢ ᠵᠡᠭᠦᠳᠦᠯᠡᠵᠤ ᠬᠤᠨᠤᠬᠤ ᠰᠠᠢ᠌ᠬᠠᠨ

ᠳᠤᠤᠯᠢᠮ᠎ᠠ ᠬᠤᠷᠸ᠎ᠠ ᠳᠤ ᠳᠤᠷᠠᠯᠠᠵᠤ ᠶᠠᠪᠣᠬᠤ ᠰᠠᠢ᠌ᠬᠠᠨ

ᠳᠤᠭᠤᠢ ᠯᠠ ᠴᠢᠮ᠎ᠠ ᠶᠢ ᠬᠠᠷᠠᠵᠤ ᠰᠠᠭᠤᠬᠤ ᠰᠠᠢ᠌ᠬᠠᠨ

ᠵᠤᠬᠢᠶᠠᠭᠴᠢ᠄ ᠪᠠᠶᠠᠭᠤᠳ ᠬᠠᠰᠳᠤᠯᠭᠠᠭᠤᠷᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2724
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ