☆ ᠪᠠ᠊·ᠪᠠᠯᠮᠠᠳᠤᠷᠵᠢ
ᠰᠠᠷᠠᠨ ᠭᠡᠯᠪᠠᠷᠢᠳᠤ ᠡᠭᠡᠮᠦᠭ᠌
ᠰᠠᠷᠠᠨ ᠭᠡᠯᠪᠠᠷᠢᠳᠤ ᠡᠭᠡᠮᠦᠭ᠌ ᠡᠴᠡ ᠴᠢᠨᠢ
ᠰᠠᠷ᠎ᠠ ᠵᠢᠯ ᠶᠢᠡᠷ ᠵᠡᠭᠦᠭ᠍ᠳᠡᠵᠤ ᠶᠠᠪᠣᠯ᠎ᠠ
ᠰᠠᠵᠢᠯᠠᠬᠤ ᠶᠢᠨ ᠴᠢᠨᠢ ᠨᠢᠭᠡ
ᠰᠠᠨᠠᠭ᠎ᠠ ᠳᠤᠭᠳᠤᠯᠬᠤ ᠳᠠᠭᠠᠨ
ᠰᠠᠷ᠎ᠠ ᠲᠡᠶ ᠰᠦᠨᠢ ᠴᠢᠮ᠎ᠠ ᠵᠡᠭᠦᠳᠦᠯᠡᠵᠤ ᠬᠤᠨᠤᠯ᠎ᠠ᠃
ᠰᠠᠷᠠᠨ ᠭᠡᠯᠪᠠᠷᠢᠳᠤ ᠡᠭᠡᠮᠦᠭ᠌ ᠳᠤᠤᠭᠤᠷ ᠴᠢᠨᠢ
ᠡᠷ᠎ᠡ ᠭᠦᠮᠤᠨ ᠪᠦᠭᠦᠢᠵᠤ ᠭᠠᠷᠤᠨ᠎ᠠ
ᠰᠠᠷᠠᠨ ᠭᠡᠯᠪᠠᠷᠢᠳᠤ ᠡᠭᠡᠮᠦᠭ᠌ ᠢ ᠴᠢᠨᠢ
ᠡᠷ᠎ᠡ ᠭᠦᠮᠤᠨ ᠳᠡᠷᠭᠡᠯᠰᠢᠳᠡᠯᠡ ᠰᠠᠨᠠᠨ᠎ᠠ᠃
ᠵᠢᠰᠤ ᠢᠵᠢᠯᠢ ᠠᠳᠤᠭᠤᠳ ᠮᠢᠨᠢ
ᠰᠠᠷᠠᠨ ᠳᠠᠮᠠᠭ᠎ᠠ ᠪᠠᠷ ᠶᠢᠡᠨ ᠳᠠᠨᠢᠭᠳᠠᠬᠤ ᠰᠢᠭ
ᠵᠢᠷᠦᠭᠡᠨ ᠬᠤᠩᠭ᠋ᠤᠷ ᠴᠢ ᠯᠠ ᠮᠢᠨᠢ
ᠰᠠᠷᠠᠨ ᠡᠭᠡᠮᠦᠭ᠌ ᠶᠢᠡᠷ ᠶᠢᠡᠨ ᠬᠠᠢ᠌ᠷᠠᠯᠠᠭᠳᠠᠨᠠ᠃
ᠰᠠᠷᠠᠨ ᠭᠡᠯᠪᠠᠷᠢᠳᠤ ᠡᠭᠡᠮᠦᠭ᠌ ᠤᠨ ᠴᠢᠨᠢ
ᠰᠠᠴᠤᠷᠠᠬᠤ ᠮᠥᠩᠭᠦᠨ ᠭᠡᠷᠡᠯ ᠳᠤ
ᠰᠠᠨᠠᠭ᠎ᠠ ᠰᠠᠤᠠᠭᠢᠯ ᠮᠢᠨᠢ ᠭᠦᠷᠦᠭᠦ ᠶᠢᠨ ᠣᠴᠢᠷ ᠦᠭᠡᠶ᠃
ᠰᠠᠷᠠᠨ ᠭᠡᠯᠪᠠᠷᠢᠳᠤ ᠡᠭᠡᠮᠦᠭ᠌ ᠡᠴᠡ ᠴᠢᠨᠢ
ᠰᠠᠷ᠎ᠠ ᠵᠢᠯ ᠶᠢᠡᠷ ᠵᠡᠭᠦᠭ᠍ᠳᠡᠵᠤ ᠶᠠᠪᠣᠬᠤ ᠳᠤ
ᠰᠠᠢ᠌ᠬᠠᠨ ᠴᠠᠭᠠᠨ ᠳᠤᠷᠠᠯᠠᠯ ᠮᠢᠨᠢ ᠵᠢᠷᠭᠠᠯ ᠲᠡᠶ ᠪᠠᠢ᠌ᠨ᠎ᠠ᠃
ᠵᠤᠬᠢᠶᠠᠭᠴᠢ᠄ ᠪᠠ᠊·ᠪᠠᠯᠮᠠᠳᠤᠷᠵᠢ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3023
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ