☆ ᠴᠠᠰᠤᠳᠤ ᠶᠢᠨ ᠰᠠᠷᠠᠯ ᠴᠢᠨ᠋ᠸ᠎ᠠ
ᠪᠢᠳᠠ ᠭᠡᠳᠦᠭᠦᠯᠡ
ᠪᠢᠳᠠ ᠭᠡᠳᠦᠭᠦᠯᠡ ᠊᠊᠊᠊᠊᠊᠊᠊᠊᠊᠊᠊᠊᠊᠊
ᠪᠠᠢ᠌ᠳᠠᠭ ᠶᠢᠡᠨ ᠬᠤᠪᠢᠶᠠᠨ ᠬᠤᠪᠢ ᠭᠦᠷᠳᠡᠵᠤ
ᠪᠠᠢ᠌ᠬᠤ ᠦᠭᠡᠶ ᠪᠠᠨ ᠣᠯᠬᠤ ᠭᠡᠵᠤ
ᠳᠠᠠᠳᠠ ᠳᠠᠠᠳᠠ ᠪᠠᠨ
ᠳᠠᠭ ᠴᠢᠮᠡᠭᠡ ᠦᠭᠡᠶ
ᠵᠢᠯ ᠤᠨ ᠵᠢᠯ ᠳᠠᠨᠤᠵᠤ ᠪᠠᠢ᠌ᠵᠤ
ᠵᠢᠷᠭᠠᠯ ᠶᠢᠡᠷ ᠥᠶᠡᠷᠯᠡᠳᠡᠭ᠌ ᠰᠠᠢ᠌ᠬᠠᠨ ᠠᠬ᠎ᠠ ᠳᠡᠭᠦᠤ᠃
ᠪᠢᠳᠠ ᠭᠡᠳᠦᠭᠦᠯᠡ ᠊᠊᠊᠊᠊᠊᠊᠊᠊᠊᠊᠊᠊᠊᠊
ᠪᠢᠮᠪᠠ ᠶᠢᠨ ᠷᠢᠠᠴᠢᠨ ᠤ ᠢᠷᠠᠭᠤ ᠡᠭᠡᠰᠢᠭ᠌ ᠲᠤ ᠣᠶᠠᠷᠠᠵᠤ
ᠪᠢᠯᠢᠭ᠌ ᠳᠠᠩᠬᠠᠢ ᠴᠣᠢ᠌ᠨᠤᠮ ᠡᠴᠡ ᠰᠤᠷᠬᠤ ᠭᠡᠵᠤ
ᠬᠤᠭᠤᠯᠠᠨ ᠤ ᠮᠤᠬᠤᠯᠠᠭ ᠲᠤ ᠴᠤᠭᠯᠠᠵᠤ
ᠬᠤᠵᠢᠶ᠎ᠠ ᠶᠢᠨ ᠬᠠᠷ᠎ᠠ ᠬᠤᠷᠠᠵᠠᠨ ᠳᠤ ᠮᠠᠩᠭ᠋ᠠᠷᠯᠠᠭᠰᠠᠨ
ᠣᠩᠭ᠋ᠤᠳ ᠶᠢᠡᠨ ᠴᠠᠯᠭᠢᠯᠠᠭᠤᠯᠵᠤ ᠴᠢᠳᠠᠭ᠎ᠠ ᠦᠭᠡᠶ
ᠣᠯᠠᠨ ᠰᠠᠢ᠌ᠬᠠᠨ ᠢᠷᠠᠭᠤ ᠨᠠᠢ᠌ᠷᠠᠭᠴᠢ᠃
ᠪᠢᠳᠠ ᠭᠡᠳᠦᠭᠦᠯᠡ ᠊᠊᠊᠊᠊᠊᠊᠊᠊᠊᠊᠊᠊᠊᠊
ᠵᠠᠪᠢᠯᠠᠵᠤ᠂ ᠴᠠᠢ ᠣᠤᠭᠤᠴᠠᠭᠠᠵᠤ
ᠵᠠᠯᠠᠭᠤ ᠦᠬᠢᠳ᠂ ᠰᠠᠢ᠌ᠬᠠᠨ ᠳᠡᠭᠦᠤ ᠨᠡᠷ ᠶᠢᠡᠨ
ᠲᠦᠷᠦ ᠶᠢᠨ ᠬᠠᠷ᠎ᠠ ᠭᠦᠮᠤᠨ ᠤ ᠶᠤᠰᠤᠭᠠᠷ
ᠳᠤᠷᠠᠰᠴᠤ᠂ ᠬᠠᠢ᠌ᠷᠠᠯᠠᠵᠤ ᠭᠦᠰᠡᠭ᠍ᠰᠡᠨ
ᠡᠷᠡᠭᠦᠯ ᠴᠢᠭᠢᠷᠠᠭ ᠡᠭᠡ ᠣᠷᠤᠠᠴᠢ ᠰᠠᠢ᠌ᠬᠠᠨ ᠡᠷᠡᠰ᠃
ᠪᠢᠳᠠ ᠭᠡᠳᠦᠭᠦᠯᠡ ᠊᠊᠊᠊᠊᠊᠊᠊᠊᠊᠊᠊᠊᠊᠊
ᠠᠶᠠᠭ᠎ᠠ ᠳᠠᠭᠱᠠ ᠶᠠᠭᠤᠮ᠎ᠠ ᠣᠯᠵᠤ ᠭᠦᠷᠳᠡᠴᠢᠭᠡᠳ
ᠠᠪᠠᠭᠠᠢ ᠳᠠᠭᠠᠨ ᠵᠠᠩᠨᠠᠭᠤᠯᠵᠤ
ᠠᠵᠢᠯ ᠳᠠᠭᠠᠨ ᠣᠨᠠᠨ ᠳᠤᠰᠤᠨ ᠭᠦᠶᠦᠳᠡᠭ᠌
ᠠᠷᠠᠤᠨ ᠤᠨ ᠵᠤᠭᠤᠰ ᠶᠢᠡᠷ ᠳᠤᠳᠠᠮᠠᠭ
ᠳᠡᠭᠡᠷ᠎ᠡ ᠳᠤ ᠵᠢᠰᠤᠷ ᠦᠭᠡᠶ
ᠳᠡᠭᠡᠭ᠍ᠰᠢᠯᠡᠵᠤ ᠴᠢᠳᠠᠭ᠎ᠠ ᠦᠭᠡᠶ ᠰᠢᠳᠤᠷᠭᠤ ᠠᠷᠠᠤᠨ ᠲᠦᠮᠡᠨ᠃
ᠪᠢᠳᠠ ᠭᠡᠳᠦᠭᠦᠯᠡ ᠊᠊᠊᠊᠊᠊᠊᠊᠊᠊᠊᠊᠊᠊᠊
ᠥᠭᠡᠷ᠎ᠡ ᠳᠤ ᠳᠤᠰᠠ ᠪᠣᠯᠬᠤ ᠭᠡᠵᠤ
ᠦᠪᠡᠷ ᠢ ᠪᠠᠨ ᠬᠤᠭᠤᠰᠤᠯᠠᠵᠤ
ᠥᠷᠦᠭᠡᠯ ᠳᠤ ᠴᠢᠤᠠᠬᠤᠯᠠᠩ ᠶᠢᠡᠷ ᠣᠪᠯᠠᠵᠤ
ᠥᠷᠦᠭᠡᠨ ᠳᠡᠭᠡᠨ ᠠᠷᠠᠢ ᠦᠷ ᠴᠠᠢ᠌ᠯᠭᠠᠳᠠᠭ
ᠪᠣᠷᠬᠠᠨ ᠰᠡᠳᠭᠢᠯᠳᠠᠢ ᠪᠣᠶᠠᠨ ᠶᠡᠭᠡᠳᠡᠢ ᠭᠦᠮᠦᠰ᠃
ᠪᠢᠳᠠ ᠭᠡᠳᠦᠭᠦᠯᠡ ᠊᠊᠊᠊᠊᠊᠊᠊᠊᠊᠊᠊᠊᠊᠊
ᠪᠦᠭᠦ ᠮᠤᠩᠭ᠋ᠤᠯ ᠲᠡᠶ ᠪᠠᠨ ᠠᠳᠠᠯᠢ
ᠪᠣᠭᠳᠠ ᠡᠵᠡᠨ ᠴᠢᠩᠭᠢᠰ ᠬᠠᠭᠠᠨ ᠶᠢᠡᠨ ᠰᠢᠳᠤᠵᠤ
ᠪᠣᠷᠤ ᠥᠷᠦᠭᠡᠨ ᠳᠡᠭᠡᠨ ᠠᠷᠭᠠᠯ ᠳᠦᠯᠠᠵᠤ
ᠪᠣᠷᠴᠠ ᠪᠣᠤᠪᠣ ᠪᠠᠨ ᠵᠤᠭᠤᠭᠯᠠᠨ ᠥᠰᠦᠭ᠍ᠰᠡᠨ
ᠪᠣᠯᠴᠢᠩ ᠰᠢᠷᠪᠣᠰᠤᠳᠠᠢ ᠰᠠᠢ᠌ᠨ ᠡᠷᠡᠰ ᠤᠨ ᠦᠷᠡᠰ ᠶᠤᠮ᠃
ᠪᠢᠳᠠ ᠭᠡᠳᠦᠭᠦᠯᠡ ᠊᠊᠊᠊᠊᠊᠊᠊᠊᠊᠊᠊᠊᠊᠊
ᠡᠨᠡ ᠬᠤᠷᠸ᠎ᠠ ᠳᠤ ᠢᠷᠡᠭᠦ ᠳᠡᠭᠡᠨ
ᠡᠵᠢ ᠠᠪᠣ ᠪᠠᠨ ᠪᠠᠶᠠᠰᠬᠠᠬᠤ ᠭᠡᠰᠡᠨ ᠶᠤᠮ
ᠡᠷ᠎ᠡ ᠪᠠᠶ᠎ᠠ ᠥᠰᠭᠦ ᠪᠠᠷ
ᠡᠭᠡᠨᠡᠷ ᠲᠡᠶ ᠪᠣᠯᠬᠤ ᠶᠢ ᠭᠦᠰᠡᠭ᠍ᠰᠡᠨ ᠶᠤᠮ
ᠡᠩᠭᠦᠷᠡᠢ ᠦᠷ᠎ᠡ ᠲᠡᠶ ᠪᠣᠯᠬᠤ ᠪᠠᠷ
ᠰᠠᠶᠢ ᠠᠮᠢᠳᠤᠷᠠᠯ ᠤᠨ ᠳᠤᠮᠤ ᠷᠤᠮᠠᠨ ᠢ ᠤᠩᠰᠢᠭ᠍ᠰᠡᠨ ᠶᠤᠮ ᠡ᠃
ᠵᠤᠬᠢᠶᠠᠭᠴᠢ ᠶᠢᠨ ᠬᠠᠶᠢᠭ ᠄ ᠰᠦᠪᠧᠢ
ᠵᠤᠬᠢᠶᠠᠭᠴᠢ᠄ ᠴᠠᠰᠤᠳᠤ ᠶᠢᠨ ᠰᠠᠷᠠᠯ ᠴᠢᠨ᠋ᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2010 ᠤᠨ ᠤ 02 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ