☆ ᠯ·ᠣᠳᠤᠨ
ᠬᠠᠢ᠌ᠷ᠎ᠠ ᠪᠣᠯ ᠪᠣᠷᠤᠭᠠᠨ
ᠬᠠᠢ᠌ᠷ᠎ᠠ ᠪᠣᠯ ᠪᠣᠷᠤᠭᠠᠨ
ᠬᠠᠯᠠᠭᠤᠨ ᠭᠦᠢᠳᠡᠨ ᠶᠢᠡᠨ ᠰᠢᠭᠤᠷᠴᠤ ᠴᠢᠳᠠᠬᠤ
ᠰᠡᠳᠭᠢᠯ ᠤᠨ ᠵᠠᠬ᠎ᠠ ᠦᠭᠡᠶ ᠪᠣᠷᠤᠭᠠᠨ
ᠬᠠᠭᠠᠴᠠᠯ ᠪᠣᠳᠠᠷᠠᠯ ᠶᠢᠡᠷ ᠭᠦᠭᠯᠡᠵᠤ ᠮᠡᠳᠡᠭᠦ
ᠰᠠᠯᠭᠢ ᠵᠠᠳᠠᠭᠠᠢ ᠪᠣᠷᠤᠭᠠᠨ
ᠬᠠᠷᠠᠮᠰᠠᠯ ᠬᠠᠷᠭᠤᠰᠠᠯ ᠳᠤ ᠢᠳᠡᠭᠡᠯ ᠬᠤᠭᠤᠷᠠᠳᠠᠭ
ᠬᠤᠪᠢᠠᠴᠢᠷ ᠬᠠᠢ᠌ᠷ᠎ᠠ ᠶᠢᠨ ᠪᠣᠷᠤᠭᠠᠨ
ᠬᠠᠳᠠᠭᠤ ᠵᠥᠭᠡᠯᠡᠨ ᠶᠢᠡᠷ ᠰᠤᠯᠤᠩᠭ᠋ᠠᠷᠠᠵᠤ ᠪᠠᠭᠤᠳᠠᠭ
ᠪᠦᠪᠠᠢ ᠶᠢᠨ ᠡᠭᠡᠰᠢᠭ᠍ᠳᠤ ᠪᠣᠷᠤᠭᠠᠨ
ᠬᠠᠢ᠌ᠷ᠎ᠠ ᠪᠣᠯ ᠪᠣᠷᠤᠭᠠᠨ
ᠠᠷᠢᠭᠤᠨ ᠬᠠᠢ᠌ᠷ᠎ᠠ ᠶᠢᠨ ᠭᠠᠯ ᠳᠤ ᠰᠢᠳᠠᠬᠤ
ᠳᠤᠷᠠᠯᠠᠯ ᠤᠨ ᠴᠡᠩᠭᠡᠷ ᠪᠣᠷᠤᠭᠠᠨ
ᠠᠯᠳᠠᠭᠰᠠᠨ ᠬᠠᠢ᠌ᠷ᠎ᠠ ᠶᠢᠨ ᠬᠣᠢ᠌ᠨ᠎ᠠ ᠡᠴᠡ ᠵᠤᠪᠠᠨᠢᠵᠤ
ᠳᠠᠭᠤᠨ ᠦᠭᠡᠶ ᠰᠢᠪᠠᠷᠭᠦ ᠪᠣᠷᠤᠭᠠᠨ
ᠰᠢᠮᠡᠭᠡᠳ ᠬᠠᠨᠤᠬᠤ ᠦᠭᠡᠶ ᠵᠢᠷᠭᠠᠯ ᠳᠤ ᠰᠤᠭᠳᠤᠵᠤ
ᠨᠠᠷᠠ ᠲᠡᠶ ᠱᠠᠭᠢᠳᠠᠭ ᠪᠣᠷᠤᠭᠠᠨ
ᠰᠢᠮᠰᠢᠷᠡᠭᠡᠳ ᠳᠤᠠᠳᠠᠷᠠᠬᠤ ᠦᠭᠡᠶ ᠵᠤᠪᠠᠯᠠᠩ ᠳᠤ ᠴᠠᠳᠴᠤ
ᠨᠠᠰᠤ ᠪᠠᠷ ᠣᠭᠢᠯᠠᠳᠠᠭ ᠪᠣᠷᠤᠭᠠᠨ
ᠬᠠᠢ᠌ᠷ᠎ᠠ ᠪᠣᠯ ᠪᠣᠷᠤᠭᠠᠨ
ᠳᠤᠷᠠᠯᠠᠯ ᠤᠨ ᠨᠤᠭᠤᠭᠠᠨ ᠪᠣᠳᠤᠭ ᠨᠠᠢ᠌ᠷᠠᠵᠤ
ᠵᠢᠷᠦᠭᠡᠨ ᠳᠤ ᠳᠤᠨᠤᠷᠠᠳᠠᠭ ᠪᠣᠷᠤᠭᠠᠨ
ᠳᠤᠷᠠᠳᠬᠠᠯ ᠤᠳ ᠮᠦᠩᠭᠦᠨ ᠥᠯᠢᠭᠡᠷ ᠪᠦᠷᠢᠵᠤ
ᠵᠡᠭᠦᠳᠤᠨ ᠳᠤ ᠮᠡᠯᠮᠡᠷᠡᠳᠡᠭ᠌ ᠪᠣᠷᠤᠭᠠᠨ
ᠮᠠᠷᠳᠠᠵᠤ ᠴᠢᠳᠠᠬᠤ ᠦᠭᠡᠶ ᠳᠤᠷᠠᠰᠤᠯ ᠭᠦᠪᠦᠷᠢᠭᠦᠯᠵᠤ
ᠪᠣᠳᠤᠯ ᠳᠤ ᠪᠦᠮᠪᠦᠷᠢᠳᠡᠭ᠌ ᠪᠣᠷᠤᠭᠠᠨ
ᠮᠠᠷᠮᠠᠬᠠᠨ ① ᠲ᠋ᠤᠷᠠᠯᠠᠯ ᠤᠨ ᠥᠭᠡᠰ ᠭᠡᠯᠭᠢᠵᠤ
ᠪᠣᠯᠵᠤᠭᠠᠨ ᠳᠤ ᠱᠠᠭᠢᠳᠠᠭ ᠪᠣᠷᠤᠭᠠᠨ︕
① ᠭᠦᠶᠤ᠂ ᠭᠦᠭᠡᠷᠦᠭᠦᠨ
ᠵᠤᠬᠢᠶᠠᠭᠴᠢ ᠶᠢᠨ ᠬᠠᠶᠢᠭ ᠄ ᠬᠦᠬᠡᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2010 ᠤᠨ ᠤ 11 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ