☆ ᠳ·ᠵᠠᠮᠰᠠ
ᠥᠭᠡᠯᠡᠳ ᠮᠤᠩᠭ᠋ᠤᠯ ᠤᠨ ᠰᠠᠭᠠᠯᠢ ᠶᠢᠨ ᠠᠷᠢᠭᠢ ᠨᠡᠷᠡᠭᠦ ᠳᠤᠬᠠᠢ ᠳᠦᠭᠦᠮ ᠥᠭᠦᠯᠡᠭᠦ ᠨᠢ
ᠥᠭᠡᠯᠡᠳᠴᠦᠳ ᠡᠷᠳᠡᠨ ᠡᠴᠡ ᠡᠳᠦᠭᠡ ᠪᠣᠯᠳᠠᠯ᠎ᠠ᠂ ᠣᠷᠳᠤ ᠣᠳᠠᠭᠠᠨ ᠠᠮᠢᠳᠤᠷᠠᠯ ᠤᠨ ᠶᠠᠪᠣᠴᠠ ᠳᠤ᠂ ᠡᠷᠭᠢᠮ ᠳᠡᠭᠡᠳᠤ᠂ ᠡᠭᠡᠯ ᠳᠤᠤᠷᠠᠳᠤ ᠭᠡᠰᠡᠨ ᠦᠭᠡᠶ ᠴᠦᠮ ᠠᠷᠢᠭᠢᠨ ᠰᠤᠶᠤᠯ ᠲᠡᠶ ᠪᠠᠢ᠌ᠵᠤ᠂ ᠳᠡᠭᠦᠨ ᠲᠡᠶ ᠰᠠᠯᠤᠰᠢ ᠦᠭᠡᠶ ᠬᠤᠪᠢ ᠪᠠᠷᠢᠯᠳᠤᠯᠭ᠎ᠠ ᠲᠡᠶ ᠶᠤᠮ᠃
ᠠᠷᠢᠭᠢ ᠶᠢ ᠪᠣᠳᠠᠭᠠᠨ ᠠᠷᠢᠭᠢ᠂ ᠵᠢᠮᠢᠰ ᠤᠨ ᠠᠷᠢᠭᠢ᠁ ᠭᠡᠵᠤ ᠮᠠᠰᠢ ᠣᠯᠠᠨ ᠵᠣᠢ᠌ᠯ ᠬᠤᠪᠢᠶᠠᠳᠠᠭ ᠰᠠᠨ᠃ ᠥᠭᠡᠯᠡᠳ ᠮᠤᠩᠭ᠋ᠤᠯᠴᠤᠳ ᠤᠨ ᠠᠷᠢᠭᠢᠨ ᠰᠤᠶᠤᠯ ᠨᠢ ᠰᠠᠭᠠᠯᠢ ᠶᠢᠨ ᠠᠷᠢᠭᠢ ᠪᠣᠯᠤᠨ᠎ᠠ᠃ ᠰᠠᠭᠠᠯᠢ ᠶᠢᠨ ᠠᠷᠢᠭᠢᠨ ᠤ ᠥᠯᠢᠭᠡᠷ ᠳᠡᠦᠭᠡᠨ ᠳᠤ ᠥᠭᠡᠯᠡᠳ ᠮᠤᠩᠭ᠋ᠤᠯᠴᠤᠳ ᠤᠨ ᠥᠴᠦᠭᠡᠳᠦᠷ ᠪᠣᠯᠤᠨ ᠦᠨᠦᠳᠤᠷ ᠤᠨ ᠢᠮ ᠳᠡᠮᠳᠡᠭ᠌ ᠬᠠᠳᠠᠭᠠᠯᠠᠭᠳᠠᠭᠰᠠᠭᠠᠷ ᠪᠣᠢ᠃
ᠥᠷᠭᠡᠨ ᠠᠭᠤᠳᠠᠮ᠂ ᠭᠦᠪᠠᠭᠡ ᠭᠢᠵᠠᠭᠠᠷ ᠨᠢ ᠬᠠᠷᠠᠭᠳᠠᠬᠤ ᠦᠭᠡᠶ ᠭᠦᠳᠡᠭᠡ ᠨᠤᠳᠤᠭ ᠪᠣᠯ ᠥᠭᠡᠯᠡᠳᠴᠦᠳ ᠤᠨ ᠠᠵᠤ ᠲᠦᠷᠦᠨ ᠠᠮᠢᠳᠤᠷᠠᠵᠤ ᠪᠠᠢ᠌ᠬᠤ ᠡᠭᠡ ᠣᠷᠤᠨ᠃ ᠡᠨᠡᠭᠦ ᠪᠣᠭᠢᠷᠳᠠᠯ ᠦᠭᠡᠶ ᠭᠦᠷᠦᠰᠤ ᠰᠢᠷᠤᠢ ᠨᠢ ᠡᠭᠡ ᠪᠠᠢ᠌ᠭᠠᠯᠢ ᠡᠴᠡ ᠭᠦᠮᠤᠨ ᠲᠦᠷᠦᠯᠭᠢᠳᠠᠨ ᠳᠤ ᠭᠦᠷᠳᠡᠭᠡᠭᠡᠭ᠍ᠰᠡᠨ ᠣᠩᠭ᠋ᠤᠨ ᠪᠠᠢ᠌ᠭᠠᠯᠢ᠂ ᠬᠤᠷᠮᠤᠰᠳᠠ ᠳᠡᠭ᠍ᠷᠢ ᠶᠢᠨ ᠪᠣᠶᠠᠨ ᠭᠡᠰᠢᠭ᠌ ᠪᠣᠯᠤᠨ᠎ᠠ᠃
ᠭᠦᠭᠡ ᠴᠡᠩᠭᠡᠷ ᠣᠭᠳᠠᠷᠭᠤᠢ᠂ ᠨᠤᠮᠢᠨ ᠨᠤᠭᠤᠭᠠᠨ ᠳᠠᠯ᠎ᠠ ᠨᠤᠳᠤᠭ᠂ ᠮᠦᠰᠢᠶᠠᠨ ᠳᠡᠯᠭᠡᠷᠡᠭ᠍ᠰᠡᠨ ᠥᠩᠭᠡ ᠪᠦᠷᠢ ᠶᠢᠨ ᠴᠡᠴᠡᠭ᠌ ᠬᠤᠸᠠᠷ ᠤᠳ ᠨᠢ ᠳᠠᠪᠤᠨ ᠥᠩᠭᠡ ᠪᠠᠷ ᠰᠤᠯᠤᠩᠭ᠋ᠠᠷᠠᠭᠰᠠᠨ ᠭᠠᠢ᠌ᠬᠠᠮᠰᠢᠭᠳᠤ ᠰᠠᠢ᠌ᠬᠠᠨ ᠬᠤᠪᠢ ᠶᠢᠨ ᠭᠠᠳᠠᠨᠠᠭᠢ ᠵᠢᠷᠤᠭ ᠳᠦᠷᠰᠦ ᠶᠢ ᠪᠣᠢ ᠪᠣᠯᠭᠠᠨ᠎ᠠ᠃ ᠪᠠᠯᠴᠢᠨ ᠢᠳᠡᠰᠢᠯᠡᠭᠦ ᠥᠭᠡᠷ ᠬᠤᠨᠢ᠂ ᠳᠠᠷᠠᠬᠠᠨ ᠪᠠᠯᠴᠢᠭᠦ ᠠᠳᠤᠭᠤ ᠮᠠᠯ ᠤᠳ ᠨᠢ ᠶᠠᠭ ᠯᠠ ᠳᠠᠯ᠎ᠠ ᠨᠤᠳᠤᠭ ᠳ᠋ᠠᠭᠢ ᠭᠦᠭ᠍ᠵᠢᠮ ᠠᠶᠠᠰ ᠤᠨ ᠨᠤᠲ᠋ ᠳᠡᠮᠳᠡᠭ᠌ ᠪᠣᠯᠵᠤ᠂ ᠥᠭᠡᠯᠡᠳᠴᠦᠳ ᠤᠨ ᠵᠤᠯ ᠵᠢᠷᠭᠠᠯᠳᠤ ᠠᠮᠢᠳᠤᠷᠠᠯ ᠤᠨ ᠰᠠᠢ᠌ᠨ ᠰᠠᠢ᠌ᠬᠠᠨ ᠢ ᠪᠢᠴᠢᠭᠯᠡᠨ ᠳᠠᠭᠤᠯᠠᠵᠤ ᠪᠠᠢ᠌ᠭ᠎ᠠ ᠮᠠᠳᠤ᠃
ᠦᠷ ᠤᠨ ᠭᠡᠭᠡ ᠠᠷᠠᠢ ᠳᠠᠳᠠᠬᠤ ᠳᠤ᠂ ᠦᠨᠢᠶ᠎ᠡ ᠰᠠᠭᠠᠬᠤ ᠳᠠᠭᠤᠨ ᠥᠷᠯᠦᠭᠡ ᠶᠢᠨ ᠨᠠᠮ ᠵᠢᠮ ᠪᠠᠢ᠌ᠳᠠᠯ ᠢ ᠡᠪᠳᠡᠵᠤ᠂ ᠣᠷᠠᠨ ᠪᠣᠯᠵᠤᠮᠤᠷ ᠵᠢᠷᠭᠢᠨ ᠱᠤᠯᠤᠭᠠᠨᠠᠬᠤ ᠨᠢ ᠰᠥ᠋ ᠰᠠᠭᠠᠯᠢ ᠶᠢᠨ ᠳᠠᠭᠤᠨ ᠲᠡᠶ ᠭᠦᠭ᠌ ᠨᠠᠢ᠌ᠯᠠᠵᠤ᠂ ᠰᠠᠪᠠ ᠰᠠᠭᠤᠯᠭ᠎ᠠ ᠳᠤ ᠢᠳᠡᠭᠡᠨ ᠤ ᠳᠡᠭᠡᠳᠤ ᠴᠠᠯᠭᠢᠯᠠᠵᠤ᠂ ᠰᠦ᠋ ᠶᠢᠨ ᠦᠨᠦᠷ ᠰᠠᠩᠭᠢᠨᠠᠨ᠎ᠠ᠃ ᠳᠠᠷᠠ ᠭᠦ ᠰᠥ᠋ ᠰᠠᠭᠠᠯᠢ ᠨᠢ ᠥᠭᠡᠯᠡᠳ ᠪᠦᠰᠡᠭᠦᠢᠴᠦᠳ ᠤᠨ ᠥᠩᠭᠡᠳᠤ ᠴᠢᠷᠠᠢ ᠳᠤ ᠳᠤᠰᠤᠭᠰᠠᠨ ᠡᠴᠡ ᠳᠠᠳᠠᠨᠤᠰ ᠤᠨ ᠨᠢᠭᠤᠷ ᠵᠢᠰᠤ ᠣᠯᠠᠮ ᠴᠤ ᠭᠤᠶᠤ ᠪᠣᠯᠵᠤ᠂ ᠳᠠᠷᠠ ᠭᠦ ᠰᠥ᠋ ᠰᠠᠭᠠᠯᠢ ᠳᠠᠯ᠎ᠠ ᠨᠤᠳᠤᠭ ᠲᠤ ᠰᠠᠴᠤᠯᠠᠭᠳᠠᠭᠰᠠᠨ ᠡᠴᠡ ᠭᠦᠷᠦᠰᠦᠳᠤ ᠳᠡᠯᠡᠭᠡᠢ ᠵᠢᠯ ᠡᠴᠡ ᠵᠢᠯ ᠣᠯᠠᠮ ᠴᠤ ᠨᠤᠮᠢᠨ ᠨᠤᠭᠤᠭᠠᠨ ᠶᠢᠡᠷ ᠠᠮᠢᠯᠠᠨ ᠳᠠᠪᠠᠯᠭᠠᠯᠠᠵᠤ᠂ ᠳᠠᠷᠠ ᠭᠦ ᠰᠥ᠋ ᠰᠠᠭᠠᠯᠢ ᠥᠭᠡᠯᠡᠳᠴᠦᠳ ᠤᠨ ᠭᠠᠷ ᠶᠢᠡᠷ ᠳᠠᠮᠵᠢᠨ ᠠᠮᠳᠠᠳᠤ ᠰᠠᠢ᠌ᠬᠠᠨ ᠰᠠᠭᠠᠯᠢ ᠶᠢᠨ ᠠᠷᠢᠭᠢ ᠨᠡᠷᠡᠭ᠍ᠳᠡᠵᠤ᠂ ᠰᠠᠷᠬᠤᠤᠨ ᠤᠨ ᠰᠤᠶᠤᠯ ᠪᠦᠳᠦᠭᠡᠨ᠎ᠡ᠃
ᠰᠠᠭᠠᠯᠢ ᠶᠢᠨ ᠰᠠᠷᠬᠤᠤᠨ ᠨᠢ ᠥᠭᠡᠯᠡᠳ ᠮᠤᠩᠭ᠋ᠤᠯᠴᠤᠳ ᠲᠡᠶ ᠠᠳᠠᠯᠢ ᠪᠠᠷ ᠣᠷᠳᠤ ᠣᠳᠠᠭᠠᠨ ᠳᠡᠦᠭᠡ ᠲᠡᠶ ᠶᠤᠮ᠃ ᠠᠯᠢ ᠡᠷᠳᠡ ᠥᠭᠡᠯᠡᠳᠴᠥᠳ ᠮᠠᠯᠵᠢᠬᠤ ᠠᠮᠢᠳᠤᠷᠠᠯ ᠢ ᠡᠷᠭᠢᠯᠡᠨ᠂ ᠠᠭᠯᠠᠭ ᠠᠭᠤᠯᠠ ᠡᠭᠡᠷᠡᠮ᠎ᠡ ᠳᠠᠯ᠎ᠠ ᠪᠠᠷ ᠣᠳᠤᠷᠯᠠᠨ ᠨᠡᠭᠦᠳᠡᠯᠯᠡᠭᠦ ᠳᠡᠭᠡᠨ ᠠᠷᠠᠰᠤᠨ ᠣᠭᠤᠳᠠᠨ ᠳᠠᠭᠠᠨ ᠰᠥ᠋ ᠰᠠᠭᠠᠯᠢ ᠪᠠᠨ ᠳᠡᠭᠡᠭᠡᠵᠤ ᠠᠶᠠᠯᠠᠨ ᠶᠠᠪᠣᠬᠤ ᠳᠤ ᠨᠢᠭᠡᠨ ᠵᠠᠮ ᠤᠨ ᠳᠡᠩᠭᠡᠯᠡᠭᠡ ᠡᠴᠡ ᠰᠦ᠋ ᠶᠢᠨ ᠬᠤᠪᠢ ᠶᠢᠨ ᠵᠢᠩ ᠶᠢᠡᠷ ᠭᠦᠡᠳᠤ ᠭᠡᠰᠡᠭ᠌ ᠨᠢ ᠳᠤᠭᠤᠭᠰᠢ ᠳᠤᠨᠠᠵᠤ᠂ ᠴᠤᠯᠤ ᠴᠠᠪᠠᠷ ᠰᠦ᠋ ᠶᠢᠨ ᠳᠡᠭᠡᠳᠤ ᠨᠢ ᠳᠡᠭᠡᠭ᠍ᠰᠢ ᠳᠡᠭ᠍ᠳᠡᠨ᠂ ᠦᠯ ᠪᠠ ᠣᠮᠳᠠ ᠶᠢ ᠳᠠᠷᠤᠬᠤ ᠣᠠᠴᠠ ᠰᠠᠢ᠌ᠨ ᠢᠳᠡᠭᠡᠨ ᠪᠣᠯᠬᠤ ᠶᠢ ᠰᠠᠷᠠᠵᠤ ᠮᠡᠳᠡᠭ᠍ᠰᠡᠨ ᠡᠴᠡ᠂ ᠳᠠᠳᠠᠨ ᠰᠠᠭᠠᠯᠢ ᠶᠢᠨ ᠠᠷᠢᠭᠢ ᠨᠡᠷᠡᠭᠦ ᠶᠢ ᠥᠭᠡᠷ᠎ᠡ ᠪᠣᠰᠤᠳ ᠦᠨᠳᠦᠰᠦᠳᠠᠨ ᠶᠠᠰᠤᠳᠠᠨ ᠡᠴᠡ ᠬᠠᠮᠤᠭ ᠳᠡᠷᠢᠭᠦᠨ ᠳᠤ ᠮᠠᠳᠠᠪᠠ ᠭᠡᠵᠤ ᠳᠡᠦᠭᠡᠨ ᠪᠢᠴᠢᠭ᠌ ᠰᠤᠳᠤᠷ ᠲᠤ ᠳᠡᠮᠳᠡᠭᠯᠡᠵᠤ ᠪᠣᠢ᠃
ᠡᠨᠡᠭᠦ ᠢᠯᠡᠷᠡᠭᠦᠯᠦᠯ ᠢ ᠰᠠᠷᠠᠵᠤ ᠮᠡᠳᠡᠭ᠍ᠰᠡᠨ ᠥᠭᠡᠯᠡᠳᠴᠥᠳ᠂ ᠣᠳᠠᠭᠠᠨ ᠡᠳᠦᠷ ᠤᠨ ᠣᠢ᠌ᠯᠠᠳᠪᠣᠷᠢᠯᠠᠯ ᠠᠮᠢᠳᠤᠷᠠᠯ ᠤᠨ ᠶᠠᠪᠣᠴᠠ ᠳᠠᠭᠠᠨ ᠰᠠᠭᠠᠯᠢ ᠶᠢᠨ ᠠᠷᠢᠭᠢ ᠨᠡᠷᠡᠭᠦ ᠶᠢ ᠡᠭᠦᠳᠴᠤ᠂ ᠰᠠᠷᠬᠤᠤᠨ ᠤᠨ ᠰᠤᠶᠤᠯ ᠢ ᠪᠦᠳᠦᠭᠡᠪᠡ᠃ ᠰᠠᠭᠠᠯᠢ ᠶᠢᠨ ᠠᠷᠢᠭᠢ ᠨᠢ ᠡᠢ᠌ᠨ ᠭᠦ ᠠᠯᠠᠭᠤᠷ ᠠᠭᠠᠵᠢᠮ ᠶᠢᠡᠷ ᠥᠭᠡᠯᠡᠳᠴᠥᠳ ᠤᠨ ᠠᠮᠢᠳᠤᠷᠠᠯ ᠳᠤ ᠨᠠᠪᠴᠢᠨ ᠰᠢᠩᠭᠡᠵᠡᠢ᠃
《ᠮᠠᠷᠺᠦ ᠫᠣᠯᠤ᠋ ᠶᠢᠨ ᠵᠢᠭᠤᠯᠴᠢᠯᠠᠯ ᠤᠨ ᠳᠡᠮᠳᠡᠭᠯᠡᠯ》 ᠳᠤ ᠡᠢ᠌ᠮᠤ ᠨᠢᠭᠡᠨ ᠳᠠᠨᠢᠯᠴᠠᠭᠤᠯᠠᠭᠠ ᠪᠠᠢ᠌ᠳᠠᠭ᠃ ᠮᠤᠩᠭ᠋ᠤᠯᠴᠤᠳ ᠤᠨ ᠣᠤᠭᠤᠳᠠᠭ ᠴᠡᠭᠡ ᠪᠠᠷ ᠨᠡᠷᠡᠭ᠍ᠰᠡᠨ ᠰᠠᠭᠠᠯᠢ ᠶᠢᠨ ᠠᠷᠢᠭᠢ ᠶᠢᠨ ᠥᠩᠭᠡ ᠨᠢ ᠴᠠᠭᠠᠨ ᠦᠵᠦᠮ ᠤᠨ ᠠᠷᠢᠭᠢ ᠲᠡᠶ ᠠᠳᠠᠯᠢ ᠪᠠᠢ᠌ᠵᠤ᠂ ᠦᠨᠦᠷ ᠠᠮᠳᠠ ᠨᠢ ᠴᠤ ᠲᠤᠩ ᠰᠠᠢ᠌ᠬᠠᠨ᠂ ᠡᠭᠦᠨ ᠢ ᠪᠠᠨ ᠺᠤᠮᠢᠰ ᠭᠡᠵᠤ᠂ 《ᠺᠤᠮᠢᠰ》 ᠨᠢ ᠰᠠᠭᠠᠯᠢ ᠶᠢᠨ ᠠᠷᠢᠭᠢ ᠶᠢ ᠵᠢᠭᠠᠵᠤ ᠪᠠᠢ᠌ᠨ᠎ᠠ᠃ 《ᠯᠤ ᠪᠣ ᠯᠤ ᠺᠧ ᠶᠢᠨ ᠵᠡᠭᠦᠡᠰᠢ ᠠᠶᠠᠯᠠᠯ (鲁布鲁克东行记)》 ᠳᠤ ᠰᠠᠭᠠᠯᠢ ᠶᠢᠨ ᠠᠷᠢᠭᠢ ᠨᠡᠷᠡᠭᠦ ᠠᠷᠭ᠎ᠠ ᠶᠢ ᠵᠢᠷᠤᠭᠯᠠᠭᠰᠠᠨ ᠪᠠᠢ᠌ᠪᠠ᠃ ᠡᠳᠡᠭᠡᠷ ᠪᠦᠭᠦᠨ ᠨᠢ ᠰᠠᠭᠠᠯᠢ ᠶᠢᠨ ᠠᠷᠢᠭᠢ ᠳᠤᠮᠳᠠᠳᠤ ᠶᠢᠨ ᠨᠤᠳᠤᠭ ᠲᠤ ᠭᠢᠯᠢ ᠭᠢᠵᠠᠭᠠᠷ ᠣᠷᠤᠨ ᠤ ᠳᠡᠦᠭᠡᠨ ᠡᠴᠡ ᠡᠭᠢ ᠰᠤᠷᠪᠣᠯᠵᠢ ᠲᠡᠶ᠂ ᠳᠠᠯ᠎ᠠ ᠶᠢᠨ ᠮᠤᠩᠭ᠋ᠤᠯᠴᠤᠳ ᠡᠭᠦᠨ ᠢ ᠣᠷᠢᠤᠠᠴᠢᠯᠠᠨ ᠢᠯᠡᠷᠡᠭᠦᠯᠵᠤ᠂ ᠣᠢ ᠶᠢᠨ ᠢᠷᠭᠡᠳ ᠪᠠ ᠥᠭᠡᠷ᠎ᠡ ᠪᠣᠰᠤᠳ ᠦᠨᠳᠦᠰᠦᠳᠠᠨ ᠶᠠᠰᠤᠳᠠᠨ ᠳᠠᠭᠤᠷᠢᠶᠠᠨ ᠥᠢᠯᠡᠳᠦᠭ᠍ᠰᠡᠨ ᠡᠴᠡ ᠰᠠᠭᠠᠯᠢ ᠶᠢᠨ ᠠᠷᠢᠭᠢᠨ ᠤ ᠬᠠᠮᠳᠤ ᠶᠢᠨ ᠰᠤᠶᠤᠯ ᠪᠣᠢ ᠪᠣᠯᠤᠭᠰᠠᠨ ᠢ ᠬᠠᠷᠠᠭᠤᠯᠵᠤ ᠪᠠᠢ᠌ᠭ᠎ᠠ ᠶᠤᠮ᠃
ᠦᠨᠦᠳᠤᠷ᠂ ᠥᠭᠡᠯᠡᠳᠴᠥᠳ ᠴᠡᠭᠡ ᠪᠠᠷ ᠰᠠᠭᠠᠯᠢ ᠶᠢᠨ ᠠᠷᠢᠭᠢ ᠨᠠᠷᠠᠵᠤ ᠪᠠᠢ᠌ᠬᠤ ᠪᠠᠷ ᠪᠠᠷᠠᠬᠤ ᠦᠭᠡᠶ᠂ ᠦᠨᠢᠶᠠᠨ ᠰᠥ᠋᠂ ᠢᠮᠠᠭᠠᠨ ᠰᠦ᠋ ᠪᠠᠷ ᠴᠤ ᠰᠠᠭᠠᠯᠢ ᠶᠢᠨ ᠠᠷᠢᠭᠢ ᠨᠠᠷᠠᠵᠤ᠂ ᠨᠡᠷᠡᠭᠦ ᠠᠷᠭ᠎ᠠ ᠪᠠᠷᠢᠯ ᠨᠢ ᠪᠠᠷᠤᠭ ᠠᠳᠠᠯᠢᠪᠳᠤᠷ ᠪᠠᠢ᠌ᠨ᠎ᠠ᠃
ᠳᠤᠬᠠᠢ ᠶᠢᠨ ᠦᠶ᠎ᠡ ᠶᠢᠨ ᠮᠥᠩᠭᠦᠨ ᠴᠠᠭᠠᠨ ᠮᠤᠩᠭ᠋ᠤᠯ ᠭᠡᠷ ᠪᠣᠯ ᠠᠷᠢᠭᠢ ᠨᠡᠷᠡᠭᠦ ᠣᠢ᠌ᠯᠠᠳᠪᠣᠷᠢ ᠪᠣᠯᠤᠨ᠎ᠠ᠂ ᠡᠳᠡᠭᠡᠷ ᠠᠢ᠌ᠷᠠᠭ ᠤᠨ ᠭᠠᠩ ᠪᠦᠷᠭᠦᠭᠦᠯ᠂ ᠳᠤᠭᠤᠭ᠎ᠠ ᠢᠯᠠᠪᠴᠢ ᠵᠡᠷᠭᠡ ᠪᠣᠯ ᠠᠷᠢᠭᠢ ᠨᠡᠷᠡᠭᠦ ᠪᠠᠭᠠᠵᠢ ᠭᠡᠷᠡᠭᠯᠡᠭᠦᠷ ᠪᠠᠢ᠌ᠵᠤ᠂ ᠠᠩᠭᠢᠯᠤᠮ᠎ᠠ ᠦᠨᠦᠷ ᠬᠠᠩᠬᠤᠯᠤᠭᠰᠠᠨ ᠠᠷᠢᠭᠤᠨ ᠴᠠᠭᠠᠨ ᠰᠥ᠋ ᠨᠢ ᠳᠠᠷᠤᠢ ᠠᠷᠢᠭᠢ ᠨᠡᠷᠡᠭᠦ ᠳᠦᠭᠦᠭᠡᠢ ᠮᠠᠲ᠋ᠸᠷᠢᠶᠠᠯ ᠪᠣᠯᠤᠨ᠎ᠠ᠃
ᠦᠨᠡᠨ ᠳᠡᠭᠡᠨ ᠠᠷᠢᠭᠢ ᠨᠡᠷᠡᠭᠦ ᠳᠤ ᠭᠡᠷᠡᠭᠯᠡᠭᠦ ᠰᠥ᠋ ᠨᠢ ᠢᠰᠭᠡᠭ᠍ᠰᠡᠨ ᠰᠥ᠋᠂ ᠳᠠᠷᠤᠢ ᠠᠢ᠌ᠷᠠᠭ ᠪᠣᠯᠤᠨ᠎ᠠ᠃ ᠮᠤᠳᠤᠨ ᠰᠠᠭᠤᠯᠠᠭᠠᠨ (ᠠᠢ᠌ᠷᠠᠭ ᠤᠨ ᠭᠠᠩ) ᠳ᠋ᠤ ᠰᠢᠨ᠎ᠠ ᠰᠤᠷᠭᠤᠭ ᠰᠦ᠋ ᠪᠠᠨ ᠭᠢᠵᠤ ᠬᠠᠪᠬᠠᠭᠠᠰᠤ ᠶᠢ ᠨᠢ ᠬᠠᠪᠬᠠᠯᠠᠨ ᠳᠤᠯᠠᠭᠠᠨ ᠤ ᠭᠡᠮᠵᠢᠶ᠎ᠡ ᠵᠤᠭᠢᠴᠠᠭᠰᠠᠨ ᠭᠠᠵᠠᠷ 5 ᠊᠊᠊᠊᠊᠊᠊᠊᠊᠊᠊᠊᠊᠊᠊ 6 ᠡᠳᠦᠷ ᠳᠠᠯᠪᠢᠭᠰᠠᠨ ᠤ ᠳᠠᠷᠠᠭ᠎ᠠ ᠠᠶᠠᠠᠳᠠᠭᠠᠨ ᠡᠭᠡᠳᠡᠷᠡᠨ ᠠᠢ᠌ᠷᠠᠭ ᠪᠣᠯᠳᠠᠭ᠃ ᠡᠭᠦᠨ ᠢ ᠠᠢ᠌ᠷᠠᠭ ᠤᠨ ᠪᠦᠯᠢᠭᠦᠷ (ᠠᠢ᠌ᠷᠠᠭ ᠤᠨ ᠭᠠᠩ ᠳᠤ ᠣᠭᠰᠠᠷᠠᠭᠰᠠᠨ ᠳᠤᠰᠬᠠᠢ ᠪᠠᠭᠠᠵᠢ) ᠶᠢᠡᠷ ᠪᠦᠯᠢᠭᠦ ᠳᠤ ᠹᠢᠽᠢᠺ ᠤᠨ ᠬᠤᠪᠢᠷᠠᠯᠳᠠ ᠡᠭᠦᠰᠴᠤ᠂ ᠭᠢᠮᠢ ᠶᠢᠨ ᠵᠠᠳᠠᠷᠠᠯᠳᠠ ᠡᠴᠡ ᠠᠢ᠌ᠷᠠᠭ ᠤᠨ ᠳᠡᠭᠡᠳᠤ ᠭᠡᠰᠡᠭ᠌ ᠲᠤ ᠴᠠᠭᠠᠨ ᠥᠩᠭᠡᠳᠡᠢ ᠢᠳᠡᠭᠡᠨ ᠰᠢᠩᠭᠡᠨ ᠪᠣᠢ ᠪᠣᠯᠤᠨ᠎ᠠ᠂ ᠡᠭᠦᠨ ᠢ ᠥᠭᠡᠯᠡᠳᠴᠥᠳ 《ᠴᠠᠭᠠᠨ ᠳᠤᠰᠤ》 ᠭᠡᠨ᠎ᠡ᠃ ᠡᠨᠡ ᠭᠦ 《ᠴᠠᠭᠠᠨ ᠳᠤᠰᠤ》 ᠪᠠᠨ ᠬᠤᠤᠠᠬᠤᠨ ᠰᠢᠷ᠎ᠠ ᠣᠰᠤ ᠶᠢ ᠨᠢ ᠢᠯᠭᠠᠷᠠᠭᠤᠯᠤᠨ᠂ ᠢᠳᠡᠭᠡᠨ ᠭᠡᠰᠡᠭ᠌ ᠢ ᠨᠢ ᠳᠤᠭᠤᠭᠠᠨ ᠳᠤ ᠭᠢᠵᠤ ᠪᠣᠴᠠᠯᠭᠠᠪᠠᠯ᠂ ᠮᠠᠨ ᠤ ᠶᠠᠷᠤᠳᠠ ᠶᠢᠨ ᠢᠳᠡᠳᠡᠭ᠌ ᠰᠢᠷ᠎ᠠ ᠳᠤᠰᠤ ᠪᠣᠯᠤᠨ᠎ᠠ᠃ ᠬᠤᠷᠢᠨ ᠺᠢᠯᠦᠭ᠍ᠷᠡᠮ ᠠᠢ᠌ᠷᠠᠭ ᠡᠴᠡ ᠪᠠᠷᠤᠭ 1.5 ᠺᠢᠯᠦᠭ᠍ᠷᠡᠮ ᠰᠢᠷ᠎ᠠ ᠳᠤᠰᠤ ᠪᠠᠭᠤᠨ᠎ᠠ᠃
ᠳᠡᠭᠡᠭᠡᠳ ᠵᠤᠤᠬᠠᠨ ᠳᠠᠭᠠᠨ ᠠᠷᠭᠠᠯ ᠨᠠᠮᠠᠵᠤ ᠭᠠᠯ ᠶᠢᠡᠨ ᠨᠤᠴᠤᠭᠠᠨ᠎ᠠ᠃ ᠥᠭᠡᠯᠡᠳᠴᠥᠳ ᠣᠷᠳᠤ ᠣᠳᠠᠭᠠᠨ ᠣᠢ᠌ᠯᠠᠳᠪᠣᠷᠢᠯᠠᠯ ᠠᠮᠢᠳᠤᠷᠠᠯ ᠤᠨ ᠳᠤᠮᠳᠠ ᠮᠠᠯ ᠤᠨ ᠠᠰᠢᠭ ᠰᠢᠮ᠎ᠠ ᠶᠢ ᠪᠦᠷᠢᠨ ᠠᠰᠢᠭᠯᠠᠳᠠᠭ᠂ ᠨᠠᠰᠤᠳᠠᠤᠨ ᠤᠨ ᠬᠠᠭᠤᠴᠢᠯᠠᠬᠤ ᠪᠠᠷ ᠮᠠᠯ ᠤᠨ ᠪᠠᠶ᠎ᠠ ᠳᠤ ᠬᠠᠶᠠᠵᠤ ᠣᠷᠭᠢᠬᠤ ᠵᠣᠢ᠌ᠯ ᠦᠭᠡᠶ᠂ ᠪᠠᠭᠠᠰᠤ ᠨᠢ ᠴᠤ ᠪᠠᠰᠠ ᠬᠤᠪᠣᠷ ᠡᠳ᠋ ᠪᠣᠯᠤᠨ᠎ᠠ ᠭᠡᠳᠡᠭ᠌᠃ ᠡᠭᠦᠨ ᠳᠤ ᠠᠷᠭᠠᠯ ᠪᠣᠯ ᠬᠠᠮᠤᠭ ᠰᠠᠢ᠌ᠨ ᠵᠢᠱᠢᠶ᠎ᠠ ᠪᠣᠯᠤᠨ᠎ᠠ᠂ ᠳᠠᠷᠠ ᠪᠣᠯ ᠥᠭᠡᠯᠡᠳᠴᠥᠳ ᠤᠨ ᠭᠠᠯ ᠨᠤᠴᠤᠭᠠᠵᠤ᠂ ᠬᠤᠭᠤᠯᠠ ᠪᠣᠳᠠᠭ᠎ᠠ ᠭᠢᠭᠦ᠂ ᠭᠡᠷ ᠳᠡᠷᠭᠡ ᠪᠠᠨ ᠳᠤᠯᠠᠭᠠᠯᠠᠬᠤ ᠳᠤ ᠳᠤᠳᠠᠭᠳᠠᠵᠤ ᠪᠣᠯᠤᠰᠢ ᠦᠭᠡᠶ ᠪᠠᠯᠠᠨ ᠲᠦᠯᠡᠰᠢ ᠪᠣᠯᠤᠨ᠎ᠠ᠃
《ᠴᠠᠭᠠᠨ ᠳᠤᠰᠤ》 ᠶᠢ ᠨᠢ ᠠᠪᠣᠭᠰᠠᠨ ᠠᠢ᠌ᠷᠠᠭ ᠶᠢᠡᠨ ᠳᠤᠭᠤᠭᠠᠨ ᠳᠠᠭᠠᠨ ᠭᠢᠵᠤ᠂ ᠳᠡᠭᠡᠷ᠎ᠡ ᠨᠢ ᠳᠤᠮᠤ ᠪᠦᠳᠦᠭᠦᠨ ᠢᠷᠤᠭᠠᠷ᠂ ᠠᠮᠠᠰᠠᠷ ᠦᠭᠡᠶ᠂ ᠳᠤᠳᠤᠷ᠎ᠠ ᠪᠠᠨ ᠳᠡᠪᠢᠭᠦᠷ ᠭᠡᠯᠪᠠᠷᠢ ᠲᠡᠶ᠂ ᠭᠠᠳᠠᠭᠰᠢ ᠨᠡᠪᠳᠡᠷᠡᠭ᠍ᠰᠡᠨ ᠪᠠᠭ᠎ᠠ ᠠᠮᠠ ᠲᠡᠶ ᠭᠤᠭᠤᠵᠢᠭᠤᠷ ᠣᠭᠰᠠᠷᠠᠭᠰᠠᠨ ᠭᠦᠡᠳᠡᠢ ᠮᠤᠳᠤᠨ ᠰᠠᠭᠤᠯᠭ᠎ᠠ (ᠥᠭᠡᠯᠤᠨᠴᠦᠦᠯ 〈ᠪᠦᠷᠭᠦᠭᠦᠯ〉 ᠭᠡᠨ᠎ᠡ) ᠪᠠᠷ ᠭᠦᠮᠦᠷᠡᠨ᠂ ᠪᠦᠷᠭᠦᠭᠦᠯ ᠤᠨ ᠳᠡᠭᠡᠷ᠎ᠡ ᠨᠢ ᠭᠦᠢᠳᠡᠨ ᠣᠰᠤ ᠰᠠᠪᠠᠯᠠᠬᠤ ᠳᠤᠭᠤᠭ᠎ᠠ (ᠥᠭᠡᠯᠡᠳᠴᠥᠳ ᠢᠯᠠᠪᠴᠢ ᠭᠡᠨ᠎ᠡ) ᠳᠠᠯᠪᠢᠨ᠂ ᠢᠯᠠᠪᠴᠢ ᠪᠣᠯᠤᠨ ᠪᠦᠷᠭᠦᠭᠦᠯ ᠬᠤᠶᠠᠷ ᠤᠨ ᠠᠭᠤᠯᠵᠠᠷ ᠭᠦᠪᠠᠭᠡ ᠶᠢ ᠳᠤᠰᠬᠠᠢ ᠳᠠᠭᠠᠷᠠᠭᠤᠯᠤᠭᠰᠠᠨ ᠪᠦᠰ ᠪᠠ ᠥᠭᠡᠷ᠎ᠡ ᠶᠠᠭᠤᠮ᠎ᠠ ᠪᠠᠷ ᠭᠡᠢ ᠭᠠᠷᠭᠠᠬᠤ ᠦᠭᠡᠶ ᠣᠷᠢᠶᠠᠵᠤ᠂ ᠢᠯᠠᠪᠴᠢ ᠳᠠᠭᠠᠨ ᠭᠦᠢᠳᠡᠨ ᠣᠰᠤ ᠭᠢᠨ᠎ᠠ᠃
ᠥᠵᠡᠭᠦ ᠳᠤ᠂ ᠡᠨᠡᠭᠦ ᠠᠯᠬᠤᠮ ᠪᠦᠷᠢ ᠨᠢ ᠶᠠᠮᠠᠷ ᠭᠡᠷᠡᠭ᠍ᠴᠡᠭᠡ ᠲᠡᠶ ᠪᠣᠯ︖ ᠡᠨᠡ ᠨᠢ ᠳᠠᠷᠤᠢ ᠠᠷᠢᠭᠢ ᠨᠡᠷᠡᠭᠦ ᠶᠢᠨ ᠨᠢᠭᠤᠴᠠ ᠪᠣᠯᠤᠯᠳᠠᠢ᠃ ᠠᠢ᠌ᠷᠠᠭ ᠪᠣᠴᠠᠯᠬᠤ ᠳᠤ ᠠᠭᠤᠷᠰᠢᠭᠰᠠᠨ ᠠᠭᠤᠷ ᠭᠦᠢᠳᠡᠨ ᠣᠰᠤ ᠲᠡᠶ ᠢᠯᠠᠪᠴᠢ ᠶᠢᠨ ᠢᠷᠤᠭᠠᠷ ᠲᠡᠶ ᠣᠴᠠᠷᠠᠭᠰᠠᠭᠠᠷ ᠹᠢᠽᠢᠺ ᠤᠨ ᠬᠤᠪᠢᠷᠠᠯᠳᠠ ᠡᠭᠦᠰᠴᠤ᠂ ᠠᠭᠤᠷ ᠡᠴᠡ ᠪᠠᠨ ᠣᠰᠤᠨ ᠮᠥᠭᠦᠯᠢᠭ᠌ ᠬᠤᠪᠢᠷᠠᠨ ᠳᠤᠷᠤᠭᠰᠢ ᠳᠤᠰᠤᠯᠬᠤ ᠳᠠᠭᠠᠨ ᠪᠦᠷᠭᠦᠭᠦᠯ ᠳᠤᠳᠤᠷ᠎ᠠ ᠵᠢᠰᠢᠭᠦᠤ ᠳᠠᠯᠪᠢᠭᠰᠠᠨ ᠳᠡᠪᠢᠭᠦᠷ ᠭᠡᠯᠪᠠᠷᠢ ᠲᠡᠶ ᠭᠤᠭᠤᠵᠢᠭᠤᠷ ᠲᠤ ᠳᠤᠰᠤᠭᠳᠠᠨ ᠠᠮᠠᠰᠠᠷ ᠶᠢᠡᠷ ᠨᠢ ᠭᠠᠳᠠᠭᠰᠢ ᠭᠤᠭᠤᠵᠢᠨ᠂ ᠰᠠᠪᠠᠯᠠᠬᠤ ᠰᠢᠯ ᠳᠤ ᠣᠷᠤᠰᠤᠨ ᠣᠷᠤᠭᠰᠠᠨ ᠴᠠᠪᠠᠷ ᠳᠤᠩᠭ᠋ᠠᠯᠠᠭ ᠣᠰᠤ ᠰᠢᠭ ᠰᠢᠩᠭᠡᠨ ᠪᠠᠶ᠎ᠠ ᠪᠣᠯ ᠳᠠᠷᠤᠢ ᠰᠠᠭᠠᠯᠢ ᠶᠢᠨ ᠠᠷᠢᠭᠢ ᠪᠣᠯᠤᠨ᠎ᠠ᠃ ᠢᠯᠠᠪᠴᠢ ᠳ᠋ᠠᠭᠢ ᠭᠦᠢᠳᠡᠨ ᠣᠰᠤ ᠪᠠᠨ ᠬᠠᠯᠠᠭᠤᠨ ᠤ ᠭᠷᠠᠳᠦ᠋ᠰ ᠢ ᠦᠵᠡᠵᠤ ᠳᠠᠰᠤᠷᠠᠯᠳᠠ ᠦᠭᠡᠶ ᠰᠤᠯᠢᠬᠤ ᠶᠢ ᠳᠠᠭᠠᠯᠳᠤᠨ᠂ ᠬᠤᠷᠢ ᠭᠠᠷᠤᠢ ᠺᠢᠯᠦᠭ᠍ᠷᠡᠮ ᠠᠢ᠌ᠷᠠᠭ ᠡᠴᠡ ᠪᠠᠷᠤᠭ 2 ᠺᠢᠯᠦᠭ᠍ᠷᠡᠮ ᠰᠢᠬᠠᠮ ᠰᠠᠭᠠᠯᠢ ᠶᠢᠨ ᠠᠷᠢᠭᠢ ᠳᠤᠰᠤᠯᠠᠨ᠎ᠠ᠃ ᠭᠡᠭᠦ ᠳᠡᠭᠡᠨ᠂ 2 ᠊᠊᠊᠊᠊᠊᠊᠊᠊᠊᠊᠊᠊᠊᠊ 4 ᠣᠳᠠᠭᠠᠨ ᠤ ᠢᠯᠠᠪᠴᠢ ᠶᠢᠨ ᠭᠦᠢᠳᠡᠨ ᠣᠰᠤᠨ ᠤ ᠰᠤᠯᠢᠯᠳᠠ ᠡᠴᠡ ᠪᠣᠯᠤᠭᠰᠠᠨ ᠰᠠᠭᠠᠯᠢ ᠶᠢᠨ ᠠᠷᠢᠭᠢ ᠶᠢ 《ᠳᠡᠷᠢᠭᠦᠨ ᠳᠤᠭᠤᠭᠠᠨ ᠤ ᠠᠷᠢᠭᠢ》 ᠭᠡᠵᠤ᠂ ᠳᠡᠭᠦᠨ ᠤ ᠠᠷᠢᠭᠢᠨ ᠊ᠭ᠍ᠷᠡᠳᠦ᠋ᠰ ᠤᠨ ᠳᠤᠭ᠎ᠠ ᠨᠢ ᠪᠠᠷᠤᠭ 45。 ᠡᠴᠡ 60。 ᠪᠠᠢ᠌ᠵᠤ᠂ ᠭᠠᠯ ᠳᠠᠭᠠᠨ ᠡᠷᠭᠦᠭᠦ ᠳᠤ ᠳᠦᠷᠠᠯᠵᠢᠳᠠᠯᠠ ᠨᠤᠴᠤᠨ᠎ᠠ᠃
ᠳᠡᠭᠡᠭᠡᠳ᠂ ᠠᠷᠢᠭᠢ ᠨᠠᠷᠠᠵᠤ ᠪᠠᠷᠠᠭᠰᠠᠨ ᠠᠢ᠌ᠷᠠᠭ ᠶᠢᠡᠨ ᠱᠨ ᠪᠦᠰ ᠶᠢᠡᠷ ᠱᠥᠭᠦᠵᠤ᠂ ᠳᠤᠭᠤᠭᠠᠨ ᠳᠤ ᠵᠥᠭᠡᠯᠡᠨ ᠭᠠᠯ ᠶᠢᠡᠷ ᠵᠢᠩᠨᠡᠭᠦ ᠶᠢᠨ ᠳᠠᠭᠠᠤ ᠳᠠᠰᠤᠷᠠᠯᠳᠠ ᠦᠭᠡᠶ ᠬᠤᠤᠠᠬᠤᠵᠤ᠂ ᠵᠢᠭᠤᠷᠮᠠᠭ ᠢᠳᠡᠭᠡᠨ ᠪᠠᠶ᠎ᠠ ᠪᠣᠯᠪᠠᠯ᠂ ᠪᠠᠰᠠ ᠱᠨ ᠣᠭᠤᠳᠠ ᠪᠠᠷ ᠰᠢᠷ᠎ᠠ ᠣᠰᠤ ᠶᠢ ᠨᠢ ᠰᠢᠬᠠᠨ ᠭᠠᠷᠭᠠᠭᠰᠠᠨ ᠳ᠋ᠸᠤᠹᠤ᠋ ᠰᠢᠭ᠌ ᠵᠥᠭᠡᠯᠡᠨ ᠪᠠᠶ᠎ᠠ ᠶᠢ ᠥᠭᠡᠯᠡᠳᠴᠦᠦᠯ 《ᠰᠠᠭ᠎ᠠ》 ᠭᠡᠨ᠎ᠡ᠃ ᠰᠠᠭ᠎ᠠ ᠪᠠᠨ ᠭᠡ ᠣᠭᠤᠯᠵᠠ ᠲᠡᠶ ᠮᠤᠳᠤᠨ ᠭᠡᠪ ᠪᠠᠷ ᠭᠡᠪᠳᠡᠭᠦ ᠪᠣᠶᠤ ᠭᠠᠷ ᠶᠢᠡᠷ ᠶᠢᠡᠨ ᠪᠠᠵᠠᠵᠤ᠂ ᠨᠠᠷᠢᠨ ᠪᠣᠷᠭᠠᠰᠤ ᠪᠠᠷ ᠬᠤᠯᠪᠣᠭᠰᠠᠨ ᠬᠠᠪᠳᠠᠭᠠᠢ (ᠥᠭᠡᠯᠡᠳᠴᠥᠳ 〈ᠨᠢᠩ ᠵᠢᠷᠠᠭ᠎ᠠ〉 ᠭᠡᠨ᠎ᠡ) ᠳᠡᠭᠡᠷ᠎ᠡ ᠳᠠᠯᠪᠢᠵᠤ ᠬᠠᠳᠠᠭᠠᠨ ᠠᠭᠠᠷᠤᠤᠯ ᠪᠣᠯᠭᠠᠨ᠎ᠠ᠃
ᠰᠠᠭᠠᠯᠢ ᠶᠢᠨ ᠠᠷᠢᠭᠢ ᠨᠠᠷᠠᠵᠤ᠂ ᠴᠠᠭᠠᠨ ᠢᠳᠡᠭᠡᠨ ᠭᠢᠭᠦ ᠨᠢ ᠡᠢ᠌ᠮᠤ ᠠᠷᠪᠢᠨ ᠶᠠᠪᠣᠴᠠ ᠥᠩᠭᠡᠷᠡᠯᠳᠡ ᠲᠡᠶ ᠪᠦᠭᠡᠳ ᠮᠠᠰᠢ ᠣᠯᠠᠨ ᠰᠢᠡᠵᠢᠯᠡᠭᠦ ᠣᠬᠠᠭᠠᠨ ᠲᠡᠶ᠃ ᠰᠠᠭᠠᠯᠢ ᠶᠢᠨ ᠠᠷᠢᠭᠢ ᠨᠡᠷᠡᠭ᠍ᠰᠡᠨ ᠡᠷᠦᠭᠡ ᠪᠦᠭᠦᠨ ᠶᠠᠭᠤᠨ ᠤ ᠡᠮᠦᠨ᠎ᠡ ᠰᠠᠷᠬᠤᠤᠨ ᠤᠨ ᠳᠡᠭᠡᠵᠢ ᠪᠠᠨ ᠭᠠᠯ ᠪᠣᠷᠬᠠᠨ᠂ ᠳᠡᠭ᠍ᠷᠢ ᠭᠠᠵᠠᠷ ᠲᠠᠭᠠᠨ ᠡᠷᠭᠦᠨ ᠰᠠᠴᠤᠯᠠᠵᠤ᠂ ᠴᠠᠭᠠᠨ ᠢᠳᠡᠭᠡᠨ ᠰᠠᠪᠠ ᠳᠦᠭᠦᠷᠡᠩ᠂ ᠳᠠᠩᠰᠤᠭ ᠠᠮᠢᠳᠤᠷᠠᠯ ᠮᠥᠩᠭᠡ ᠣᠷᠤᠰᠢᠬᠤ ᠶᠢ ᠪᠠᠯᠭᠡᠳᠡᠨ ᠳᠠᠭᠠᠳᠬᠠᠳᠠᠭ ᠪᠢᠯᠠ᠃
ᠡᠭᠡ ᠪᠠᠢ᠌ᠭᠠᠯᠢ ᠲᠡᠶ ᠪᠠᠨ ᠡᠭᠡᠨᠢᠭ᠍ᠰᠢᠨ ᠣᠷᠤᠰᠢᠬᠤ ᠥᠭᠡᠯᠡᠳᠴᠥᠳ ᠭᠠᠯ ᠪᠣᠷᠬᠠᠨ᠂ ᠳᠡᠭ᠍ᠷᠢ ᠭᠠᠵᠠᠷ ᠶᠢᠡᠨ ᠶᠡᠭᠡᠳᠡ ᠭᠦᠡᠳᠦᠳᠭᠡᠨ ᠳᠠᠭᠢᠬᠤ ᠨᠢ᠂ ᠳᠠᠳᠠᠨ ᠤ ᠡᠪᠦᠭᠡ ᠳᠡᠭᠡᠳᠦᠰ᠂ ᠦᠨᠳᠦᠰᠦᠳᠠᠨ ᠤ ᠪᠠᠭᠠᠳᠤᠷ ᠭᠠᠯᠳᠠᠨ ᠪᠣᠱᠤᠭᠳᠤ ᠶᠢᠨ 《ᠮᠢᠨᠤ ᠨᠤᠳᠤᠭ ᠤᠨ ᠭᠠᠵᠠᠷ ᠰᠢᠷᠤᠢ ᠡᠴᠡ ᠪᠣᠷᠬᠠᠨ ᠭᠤᠶᠤᠭᠰᠠᠨ ᠴᠤ ᠪᠣᠤ ᠥᠭ᠌》 ᠭᠡᠰᠡᠨ ᠢ ᠵᠢᠷᠤᠮᠯᠠᠭᠰᠠᠨ ᠪᠠ ᠦᠨᠦᠳᠤᠷ ᠪᠣᠯᠵᠤ ᠡᠷᠳᠡ ᠡᠳᠦᠭᠡ ᠶᠢ ᠥᠵᠡᠭᠦ ᠳᠤ᠂ ᠡᠢ᠌ᠮᠦᠷᠭᠦ ᠭᠦᠮᠤᠨ ᠪᠠ ᠪᠠᠢ᠌ᠭᠠᠯᠢ ᠶᠢᠨ ᠨᠢᠭᠡᠳᠦᠯ ᠨᠢ ᠪᠠᠢ᠌ᠭᠠᠯᠢ ᠠᠬᠤᠢ ᠶᠢ ᠳᠡᠭᠡᠳᠦᠯᠡᠨ ᠳᠠᠭᠢᠳᠠᠭ ᠤᠨ ᠦᠨᠡᠠᠴᠢ ᠰᠥᠰᠦᠭᠯᠡᠯ ᠤᠨ ᠢᠯᠠᠷᠠᠯ ᠪᠠᠢ᠌ᠬᠤ ᠮᠥᠷᠳᠡᠭᠡᠨ ᠰᠤᠶᠤᠯ ᠢᠷᠭᠡᠡᠰᠢᠯ ᠤᠨ ᠵᠠᠯᠭᠠᠮᠵᠢᠯᠠᠯ᠂ ᠠᠮᠢᠵᠢᠷᠠᠯ ᠠᠬᠤᠢ ᠶᠢᠨ ᠰᠢᠳᠦᠯᠭᠡ᠂ ᠣᠳᠤᠭᠢᠴᠢᠯᠠᠭᠰᠠᠨ ᠪᠣᠯᠪᠠᠰᠤᠨ ᠰᠤᠶᠤᠯ ᠵᠢᠴᠢ ᠣᠯᠠᠮᠵᠢᠯᠠᠯᠳᠤ ᠵᠠᠩ ᠳᠠᠳᠬᠠᠯ ᠤᠨ ᠬᠠᠷᠢᠯᠴᠠᠨ ᠠᠭᠤᠰᠤᠯᠴᠢᠯᠠᠯ ᠪᠣᠯᠬᠤ ᠶᠤᠮ᠃
ᠳᠠᠯ᠎ᠠ ᠨᠤᠳᠤᠭ ᠤᠨ ᠡᠯᠪᠠᠭ᠌ ᠬᠤᠷᠢᠶᠠᠯᠳᠠ ᠶᠢᠨ ᠣᠯᠠᠷᠢᠯ ᠤᠨ ᠰᠠᠢ᠌ᠬᠠᠨ ᠡᠷᠡᠨ ᠪᠣᠯᠬᠤ ᠳᠤ᠂ ᠥᠭᠡᠯᠡᠳᠴᠥᠳ ᠳᠠᠷᠭᠤ ᠰᠠᠢ᠌ᠳᠠᠢ ᠠᠳᠤᠭᠤ ᠮᠠᠯ ᠶᠢᠡᠨ ᠬᠠᠷᠠᠬᠤ ᠳᠤ ᠮᠠᠩᠨᠠᠢ ᠳᠠᠨᠢ᠌ᠵᠤ᠂ ᠰᠡᠳᠭᠢᠯ ᠳᠡᠨᠢᠭᠦᠨ ᠪᠣᠯᠳᠠᠭ᠃ ᠡᠨᠡ ᠦᠶ᠎ᠡ ᠳᠤ ᠮᠤᠩᠭ᠋ᠤᠯ ᠭᠡᠷ ᠤᠨ ᠳᠤᠭᠤᠨᠤ ᠡᠴᠡ ᠠᠷᠭᠠᠯ ᠤᠨ ᠣᠳᠤᠭ᠎ᠠ ᠪᠣᠷᠭᠢᠯᠵᠤ᠂ ᠠᠩᠭᠢᠯᠤᠮ᠎ᠠ ᠦᠨᠦᠷ ᠪᠦᠭᠦᠢ ᠰᠠᠭᠠᠯᠢ ᠶᠢᠨ ᠰᠠᠷᠬᠤᠤᠨ ᠳᠡᠷᠳᠡᠭᠡ ᠳᠠᠯ᠎ᠠ ᠡᠴᠡ ᠰᠠᠩᠭᠢᠨᠠᠨ᠎ᠠ᠃ ᠦᠶ᠎ᠡ ᠣᠯᠠᠷᠢᠨ ᠮᠤᠩᠭ᠋ᠤᠯ ᠭᠡᠷ ᠲᠡᠭᠡᠨ ᠠᠵᠤ ᠳᠦᠷᠦᠭ᠍ᠰᠡᠨ ᠥᠭᠡᠯᠡᠳᠴᠥᠳ᠂ ᠦᠪᠡᠷ ᠥᠪᠠᠷᠳᠡᠭᠡᠨ ᠰᠠᠭᠠᠯᠢ ᠶᠢᠨ ᠠᠷᠢᠭᠢ ᠨᠠᠷᠠᠵᠤ ᠶᠠᠭᠠᠷᠠᠯᠳᠤᠨ᠎ᠠ᠃ ᠮᠥᠩᠭᠦᠨ ᠠᠶᠠᠭ᠎ᠠ ᠲᠡᠶ ᠰᠠᠷᠬᠤᠤᠨ ᠶᠢᠡᠨ ᠬᠠᠷᠢᠯᠴᠠᠨ ᠡᠷᠭᠦᠭᠦ ᠳᠤ᠂ ᠳᠠᠷᠠ ᠨᠢ ᠦᠨᠡᠠᠴᠢ ᠰᠡᠳᠬᠢᠯᠭᠡ ᠶᠢᠨ ᠳᠠᠮᠵᠢᠭᠤᠯᠤᠭᠴᠢ᠂ ᠠᠭᠤᠳᠠᠯᠠᠭᠠᠤᠨ ᠪᠠᠷᠠᠰᠢ ᠦᠭᠡᠶ ᠥᠭᠡᠰ ᠤᠨ ᠠᠪᠳᠠᠷ᠎ᠠ ᠶᠢᠨ ᠳᠦᠯᠭᠢᠭᠦᠷ ᠪᠣᠯᠳᠠᠭ ᠰᠠᠨ᠃
ᠰᠠᠭᠠᠯᠢ ᠶᠢᠨ ᠠᠷᠢᠭᠢ ᠪᠣᠯ ᠮᠤᠩᠭ᠋ᠤᠯ ᠦᠨᠳᠦᠰᠦᠳᠠᠨ ᠤ ᠣᠶᠤᠨ ᠣᠬᠠᠭᠠᠨ ᠤ ᠦᠨᠡᠳᠤ ᠪᠦᠳᠦᠭᠡᠯ᠂ ᠣᠯᠠᠮᠵᠢᠯᠠᠵᠤ ᠢᠷᠡᠭ᠍ᠰᠡᠨ ᠪᠣᠳᠠᠰ ᠤᠨ ᠪᠠ ᠰᠤᠶᠤᠯ ᠤᠨ ᠦᠪ ᠭᠦᠷᠦᠩᠭᠡ ᠪᠣᠯᠬᠤ ᠶᠤᠮ᠃
2009 ᠊᠊᠊᠊᠊᠊᠊᠊᠊᠊᠊᠊᠊᠊᠊ 10 ᠊᠊᠊᠊᠊᠊᠊᠊᠊᠊᠊᠊᠊᠊᠊ 16 ᠊ᠨ᠎ᠠ ᠡᠳᠦᠷ ᠧᠡᠩᠭᠢ ᠬᠤᠰᠢᠭᠤᠨ ᠤ ᠪᠠᠶᠠᠠᠳᠤᠬᠤᠢ ᠪᠠᠯᠭᠠᠰᠤᠨ ᠳ᠋ᠤ
ᠵᠤᠬᠢᠶᠠᠭᠴᠢ ᠶᠢᠨ ᠬᠠᠶᠢᠭ᠄ ᠳ᠂ ᠵᠠᠮᠰᠠ (ᠳᠸᠯᠸᠢᠰ ᠰᠤᠨᠢᠨ ᠮᠡᠳᠡᠭᠡᠨ ᠤ ᠡᠷᠭᠢᠯᠡᠨ ᠨᠠᠢ᠌ᠷᠭᠤᠯᠤᠭᠴᠢ)ᠭᠦᠯᠤᠨ ᠪᠣᠢ᠌ᠷ ᠳᠸᠯᠸᠢᠰ ᠬᠤᠷᠢᠶ᠎ᠠ
ᠵᠤᠬᠢᠶᠠᠭᠴᠢ᠄ ᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠶᠤᠯ ᠣᠷᠠᠯᠢᠭᠳᠠᠷᠤᠮ᠄ 7481
ᠴᠠᠭ᠄ 2009 ᠤᠨ ᠤ 12 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ