ᠨᠡᠪᠲᠡᠷᠡᠨ ᠤᠷᠤᠬᠤ
ᠮᠢᠨᠤ ᠮᠤᠩᠭ᠋ᠤᠯ

ᠣᠷᠢᠳᠤᠰ ᠤᠨ ᠶᠢᠡᠨ ᠠᠷᠢᠭᠤᠨ ᠭᠤᠯᠤᠮᠳᠠ ᠵᠢ

ᠦᠷᠠᠳᠠᠰ ᠨᠢ ᠪᠠᠳᠠᠷᠭᠠᠨ ᠳᠦᠷᠡᠯᠵᠡᠭᠦᠯᠳᠡᠭ᠌

ᠮᠤᠬᠤᠰᠢ ᠦᠭᠡᠶ ᠦᠨᠢᠳᠠ ᠶᠢᠨ ᠰᠦᠷ

ᠮᠢᠨᠤ ᠮᠤᠩᠭ᠋ᠤᠯ᠂

ᠣᠨᠤᠭᠰᠠᠨ ᠮᠤᠷᠢᠨ ᠤ ᠪᠠᠨ ᠳᠤᠭᠤᠷᠠᠢ ᠵᠢ

ᠦᠨᠦᠰᠤᠨ ᠪᠠᠢ᠌ᠵᠤ ᠳᠡᠯᠡᠭᠡᠢ ᠶᠢ ᠡᠪᠭᠡᠳᠡᠭ᠌

ᠮᠠᠭᠤᠳᠠᠰᠢ ᠦᠭᠡᠶ ᠥᠴᠦᠭᠡᠳᠦᠷ ᠤᠨ ᠭᠦᠷ

ᠮᠢᠨᠤ ᠮᠤᠩᠭ᠋ᠤᠯ᠃

ᠴᠤᠭᠤᠷ ᠤᠨ ᠮᠥᠩᠭᠦᠨ ᠡᠭᠡᠰᠢᠭ᠌ ᠨᠢ

ᠬᠤᠭᠤᠷ ᠤᠨ ᠣᠩᠭ᠋ᠤᠨ ᠳᠠᠯ ᠶᠢᠡᠨ ᠴᠢᠮᠡᠭᠯᠡᠳᠡᠭ᠌

ᠣᠷᠠᠯᠢᠭ ᠤᠨ ᠪᠣᠭᠤᠷᠤᠯ ᠠᠷᠭᠠᠮᠵᠢᠶ᠎ᠠ

ᠮᠢᠨᠤ ᠮᠤᠩᠭ᠋ᠤᠯ᠂

ᠬᠤᠯᠠᠩ ᠡᠴᠠ ᠠᠷᠭᠠᠮᠵᠢᠭᠳᠠᠭᠰᠠᠨ ᠰᠠᠷᠠᠨ ᠡᠴᠠ

ᠳᠤᠯᠤᠩ ᠤᠨ ᠵᠥᠭ᠌ ᠠᠯᠭᠤᠷᠬᠠᠨ ᠳᠡᠮᠡᠤᠯᠡᠭ᠍ᠰᠡᠨ

ᠠᠷᠭᠠᠯ ᠤᠨ ᠴᠡᠩᠭᠡᠷ ᠣᠳᠤᠭ᠎ᠠ

ᠮᠢᠨᠤ ᠮᠤᠩᠭ᠋ᠤᠯ᠃

ᠠᠷᠴᠠᠭ᠎ᠠ ᠦᠭᠡᠶ ᠳᠡᠯᠭᠡᠷ ᠠᠭᠤᠳᠠᠮ ᠳᠠᠯ᠎ᠠ ᠳᠠᠢ

ᠴᠠᠷᠴᠠᠭ᠎ᠠ ᠦᠭᠡᠶ ᠬᠠᠯᠠᠭᠤᠨ ᠰᠡᠳᠭᠢᠯᠳᠤ ᠠᠷᠠᠤᠨ ᠳᠠᠢ

ᠳᠠᠷᠠ ᠥᠡᠳᠦᠷᠯᠢᠭ᠌ ᠪᠣᠯ

ᠭᠠᠷᠴᠠᠭ᠎ᠠ ᠥᠭᠡᠢ

ᠮᠢᠨᠤ ᠮᠤᠩᠭ᠋ᠤᠯ ᠡ︕


᠊᠊᠊᠊᠊᠊᠊᠊᠊᠊᠊᠊᠊᠊᠊ ᠰᠢᠯᠢ ᠶᠢᠨ ᠬᠤᠳᠠᠨ᠎ᠠ

2006-10-10

ᠵᠤᠬᠢᠶᠠᠭᠴᠢ ᠶᠢᠨ ᠬᠠᠶ‍ᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠭᠤᠨᠢᠨᠤᠳ·ᠨᠠ᠊·ᠰᠥᠭᠡᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2009 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ