ᠨᠡᠪᠲᠡᠷᠡᠨ ᠤᠷᠤᠬᠤ
ᠨᠤᠬᠠᠢ ᠶᠢᠨ ᠠᠪᠤᠷᠢ ᠮᠤᠷᠢᠨ ᠳᠤ ᠵᠤᠬᠢᠬᠤ ᠦᠭᠡᠢ

ᠥᠭᠡᠡᠴᠡ ᠳᠤᠷᠤᠢ ᠡᠴᠡ ᠣᠢ᠌ᠯᠠᠵᠤ ᠰᠠᠯᠳᠠᠭ ᠥᠭᠡᠢ


ᠢᠪᠷᠠᠢ᠌ᠴᠤᠳ ᠥᠭᠡ ᠭᠡᠯᠡ᠂ ᠥᠰᠦᠭ᠌ ᠪᠢᠴᠢᠭ᠌ ᠶᠢᠡᠨ ᠰᠡᠷᠭᠦᠭᠡᠭᠦ ᠦᠶ᠎ᠡ ᠳᠤ ᠰᠤᠷᠤᠭᠴᠢ ᠨᠡᠷ ᠢ ᠰᠤᠷᠭᠠᠭᠤᠯᠢ ᠶᠢᠨ ᠭᠦᠷᠢᠶᠡᠨ ᠳᠤ ᠢᠪᠷᠠᠢ ᠭᠡᠯᠡ ᠡᠴᠡ ᠥᠭᠡᠷ᠎ᠡ ᠭᠡᠯᠡ ᠭᠡᠷᠡᠭ᠍ᠯᠡᠵᠤ ᠪᠣᠯᠬᠤ ᠦᠭᠡᠶ ᠭᠡᠵᠤ ᠳᠤᠭᠳᠠᠭᠠᠭᠰᠠᠨ ᠪᠠᠢ᠌ᠵᠠᠢ᠃ ᠨᠢᠭᠡ ᠹᠷᠠᠠᠼᠢ ᠭᠦᠮᠤᠨ ᠨᠢᠭᠡ ᠪᠢᠴᠢᠬᠠᠨ ᠢᠪᠷᠠᠢ ᠦᠬᠢᠨ ᠤ ᠭᠡᠦᠭᠡᠯᠳᠡᠢ ᠶᠢ ᠨᠢ ᠪᠣᠯᠢᠶᠠᠵᠤ ᠠᠪᠣᠭᠠᠤᠨ ᠄ 《ᠴᠢ ᠹᠷᠠᠠᠼᠢ ᠶᠢᠡᠷ ᠶᠠᠷᠢᠪᠠᠯ ᠪᠢ ᠴᠢᠮ᠎ᠠ ᠳᠤ ᠦᠭ‍ᠭᠦᠶ᠎ᠡ》 ᠭᠡᠭᠦᠯᠡᠷ ᠢᠪᠷᠠᠢ ᠦᠬᠢᠨ ᠣᠭᠢᠯᠠᠭᠰᠠᠨ ᠪᠣᠯᠪᠠᠴᠤ ᠹᠷᠠᠠᠼᠢ ᠶᠢᠡᠷ ᠶᠠᠷᠢᠭᠰᠠᠨ ᠦᠭᠡᠶ ᠭᠡᠨ᠎ᠡ᠃ ᠹᠷᠠᠠᠼᠢ ᠭᠦᠮᠤᠨ ᠄ 《ᠴᠢ ᠭᠡᠷᠪᠡ ᠹᠷᠠᠠᠼᠢ ᠶᠢᠡᠷ ᠶᠠᠷᠢᠪᠠᠯ ᠪᠢ ᠴᠢᠮ᠎ᠠ ᠳᠤ ᠪᠠᠰᠠ ᠨᠢᠭᠡ ᠠᠯᠳᠠᠨ ᠵᠤᠭᠤᠰ ᠨᠠᠮᠠᠵᠤ ᠦᠭ‍ᠭᠦᠶ᠎ᠡ》 ᠭᠡᠭᠦᠯᠡᠷ ᠮᠦᠨ ᠯᠠ ᠣᠭᠢᠯᠠᠭᠠᠤᠨ ᠪᠠᠢ᠌ᠭᠰᠠᠨ ᠡᠴᠡ ᠪᠢᠰᠢ ᠹᠷᠠᠠᠼᠢ ᠶᠢᠡᠷ ᠶᠠᠷᠢᠭᠰᠠᠨ ᠦᠭᠡᠶ ᠭᠡᠨ᠎ᠡ᠃ ᠡᠨᠡ ᠥᠯᠢᠭᠡᠷ ᠦᠪᠣᠷ ᠮᠤᠩᠭ᠋ᠤᠯ ᠳᠤ ᠭᠠᠷᠤᠭᠰᠠᠨ ᠪᠣᠯ ᠶᠠᠭᠠᠭᠢᠬᠤ ᠪᠠᠢ᠌ᠭᠰᠠᠨ ᠪᠣᠯᠪᠠᠤ︕


ᠨᠤᠬᠠᠢ ᠶᠢᠨ ᠠᠪᠣᠷᠢ ᠮᠤᠷᠢᠨ ᠳᠤ ᠵᠤᠭᠢᠬᠤ ᠦᠭᠡᠶ


ᠭᠦᠮᠤᠨ ᠦᠪᠡᠷ ᠤᠨ ᠶᠢᠡᠨ ᠳᠠᠪᠠᠭᠤᠯᠢᠭ ᠳᠠᠯ᠎ᠠ᠂ ᠪᠠᠭᠤᠷᠠᠢ ᠳᠠᠯ᠎ᠠ ᠪᠠᠨ ᠵᠦᠪ ᠣᠢ᠌ᠯᠠᠭᠠᠵᠤ ᠴᠢᠳᠠᠬᠤ ᠳᠤ ᠮᠠᠰᠢ ᠶᠡᠭᠡ ᠣᠢ ᠣᠬᠠᠭᠠᠨ ᠭᠡᠷᠡᠭ᠍ᠳᠡᠢ ᠶᠤᠮ ᠪᠠᠢ᠌ᠨ᠎ᠠ᠃ ᠡᠨᠡ ᠶᠡᠭᠡ ᠣᠢ ᠣᠬᠠᠭᠠᠨ ᠶᠢᠡᠷ ᠯᠠ ᠪᠢᠳᠠ ᠦᠪᠡᠷ ᠤᠨ ᠶᠢᠡᠨ ᠶᠠᠭᠤ ᠭᠢᠪᠠᠯ ᠵᠤᠭᠢᠬᠤ ᠪᠠ ᠶᠠᠭᠤ ᠭᠢᠪᠠᠯ ᠵᠤᠭᠢᠬᠤ ᠦᠭᠡᠶ ᠭᠡᠳᠡᠭ᠌ ᠶᠢᠡᠨ ᠮᠠᠳᠠᠵᠤ᠂ ᠢᠯᠠᠭᠳᠠᠯ ᠡᠴᠡ ᠵᠠᠢ᠌ᠯᠠᠵᠤ ᠢᠯᠠᠯᠳᠠ ᠳᠤ ᠭᠦᠷᠳᠡᠭ᠌᠃ ᠭᠡᠳᠡᠯ᠎ᠡ ᠮᠠᠨ ᠤ ᠵᠠᠷᠢᠮ ᠵᠠᠯᠠᠭᠤᠴᠤᠳ ᠦᠪᠡᠷ ᠤᠨ ᠶᠢᠡᠨ ᠪᠣᠯᠤᠮᠵᠢ ᠳᠠᠪᠠᠭᠤᠯᠢᠭ ᠶᠢᠡᠨ ᠪᠣᠳᠤᠯᠭᠢᠯᠠᠬᠤ ᠦᠭᠡᠶ ᠨᠡᠢ᠌ᠭᠡᠮ ᠳᠡᠭᠡᠷ᠎ᠡ ᠶᠠᠮᠠᠷ ᠠᠵᠢᠯ᠂ ᠮᠡᠷᠭᠡᠵᠢᠯ ᠭᠡᠷᠡᠭ᠍ᠴᠠᠭᠡᠳᠠᠢ ᠭᠡᠪᠠᠯ ᠳᠠᠷᠠ ᠶᠢ ᠨᠢ ᠰᠤᠷᠬᠤ ᠭᠡᠵᠤ 《ᠭᠦᠮᠤᠨ ᠳᠤ ᠶᠠᠭᠤ ᠭᠡᠷᠡᠭ᠍ᠳᠡᠢ ᠪᠣᠯ ᠪᠢ ᠳᠠᠷᠠ ᠶᠢ ᠭᠢᠨ᠎ᠠ》 ᠭᠡᠤᠨ ᠨᠤᠬᠠᠢ ᠦᠨ᠎ᠡ ᠲᠡᠶ ᠭᠡᠪᠠᠯ ᠨᠤᠬᠠᠢ ᠰᠢᠭ᠌ ᠬᠤᠴᠠᠬᠤ ᠨᠢ ᠣᠢ᠌ᠷᠠᠬᠠᠨ ᠪᠣᠯᠤᠭᠠᠤᠨ ᠪᠠᠢ᠌ᠨ᠎ᠠ᠃ ᠡ᠊ᠨᠳᠡ ᠪᠢ ᠭᠡᠨ ᠭᠦᠮᠤᠨ ᠦᠭᠡᠶ ᠦᠪᠡᠷ ᠤᠨ ᠭᠢ ᠪᠠᠷ ᠶᠢᠡᠨ ᠯᠠ ᠪᠠᠢ᠌ᠬᠤ ᠶᠢ ᠭᠦᠰᠡᠭᠡᠤᠨ ᠨᠢᠭᠡᠨ ᠥᠯᠢᠭᠡᠷ ᠶᠠᠷᠢᠰᠤᠭᠠᠢ᠃

ᠡᠷᠳᠡ ᠴᠠᠭ ᠲᠤ ᠠᠭᠳᠠ ᠮᠤᠷᠢ ᠲᠡᠶ ᠠᠪᠠ ᠶᠢᠨ ᠨᠤᠬᠠᠢ ᠲᠡᠶ ᠨᠢᠭᠡ ᠭᠦᠮᠤᠨ ᠪᠠᠢ᠌ᠭᠰᠠᠨ ᠭᠡᠨ᠎ᠡ᠃ ᠨᠤᠬᠠᠢ ᠨᠢ ᠡᠳᠦᠷᠵᠢᠨ ᠡᠵᠡᠨ ᠤ ᠪᠠᠨ ᠭᠦᠯ ᠡᠴᠡ ᠨᠢ ᠳᠠᠪᠢᠷᠠᠨ᠂ ᠭᠠᠷ ᠢ ᠨᠢ ᠳᠤᠯᠢᠶᠠᠵᠤ ᠪᠢᠯᠳᠠᠭᠠᠨᠠᠨ ᠳᠤᠯᠳᠠᠭᠠᠨᠠᠭᠠᠤᠨ ᠬᠠᠢ᠌ᠷ᠎ᠠ ᠡᠩᠭᠦᠷᠡᠢᠯᠡᠯ ᠢ ᠨᠢ ᠶᠡᠭᠡ ᠯᠠ ᠣᠯᠳᠠᠭ ᠶᠤᠮ ᠪᠠᠢ᠌ᠵᠠᠢ᠃ ᠡᠭᠦᠨ ᠳ᠋ᠤᠨᠢ ᠮᠤᠷᠢ ᠨᠢᠭᠡ ᠡᠳᠦᠷ ᠪᠣᠳᠤᠨ ᠪᠣᠳᠤᠨ ᠠᠭᠤᠷᠯᠠᠵᠤ 《ᠴᠢᠨᠤ ᠳᠠᠷᠠ ᠵᠢᠭᠠᠬᠠᠨ ᠪᠠᠴᠢ ᠶᠢ ᠴᠢᠨᠢ ᠪᠢ ᠪᠠᠰᠠ ᠴᠢᠳᠠᠨ᠎ᠠ》 ᠭᠡᠤᠨ ᠡᠵᠡᠨ ᠤ ᠪᠠᠨ ᠭᠦᠵᠦᠭᠦᠤ ᠪᠠᠷ ᠨᠢ ᠳᠠᠪᠢᠷᠠᠵᠤ᠂ ᠮᠠᠩᠨᠠᠢ ᠶᠢ ᠨᠢ ᠳᠤᠯᠢᠶᠠᠵᠤ ᠳᠠᠷᠤᠵᠤ ᠣᠨᠠᠭᠠᠭᠠᠤᠨ ᠥᠭᠦᠳᠡᠯ᠎ᠡ ᠠᠭᠤᠷᠯᠠᠭᠤᠯᠵᠤ ᠨᠠᠪᠰᠢᠷᠳᠠᠯ᠎ᠠ ᠪᠠᠨ ᠵᠤᠳᠤᠭᠤᠯᠤᠭᠰᠠᠨ ᠭᠡᠨ᠎ᠡ᠃


《ᠰᠠᠢ᠌ᠨ》 ᠭᠦᠮᠤᠨ


ᠪᠢᠳᠠ ᠪᠠᠯᠴᠢᠷ ᠪᠠᠭ᠎ᠠ ᠡᠴᠡ ᠪᠠᠨ ᠬᠤᠨᠢ ᠨᠢ ᠰᠠᠢ᠌ᠨ᠂ ᠴᠢᠨ᠋ᠸ᠎ᠠ ᠨᠢ ᠮᠠᠭᠤ᠂ ᠪᠠᠷᠯᠤᠭ ᠨᠢ ᠰᠠᠢ᠌ᠨ᠂ ᠪᠠᠶᠠᠨ ᠨᠢ ᠮᠠᠭᠤ᠂ ᠬᠠᠷᠠᠴᠤ ᠪᠣᠭᠤᠯ ᠨᠢ ᠰᠠᠢ᠌ᠨ᠂ ᠬᠠᠭᠠᠨ ᠨᠤᠶᠠᠤᠨ ᠨᠢ ᠮᠠᠭᠤ ᠭᠡᠮᠡᠨ ᠵᠢᠭᠠᠯᠭᠠᠵᠤ ᠳᠤᠭᠢᠭᠤᠯᠤᠭᠰᠭᠠᠷ ᠪᠠᠢ᠌ᠭᠠᠤᠨ ᠰᠤᠶᠤᠯ ᠰᠡᠳᠭᠢᠭᠦᠢ ᠳᠡᠭᠡᠷ᠎ᠡ ᠪᠠᠨ ᠪᠠᠭᠤᠷᠠᠢ ᠨᠢ ᠰᠠᠢ᠌ᠨ᠂ ᠭᠦᠴᠦᠷᠭᠡᠭ᠌ ᠨᠢ ᠮᠠᠭᠤ ᠭᠡᠰᠡᠨ ᠬᠠᠴᠢᠨ ᠥᠷᠳᠡᠭ᠌ ᠤᠨ ᠣᠬᠠᠮᠠᠰᠠᠷ ᠲᠡᠶ ᠪᠣᠯᠤᠭᠰᠠᠨ ᠶᠤᠮ᠃

ᠮᠡᠳᠡᠭᠡᠵᠢ ᠠᠵᠢᠯᠳᠠᠢ᠂ ᠴᠢᠷᠮᠠᠢ᠌ᠯᠳᠠ ᠲᠡᠶ ᠨᠢ ᠪᠠᠶᠠᠨ ᠳᠠᠩᠰᠤᠭ ᠶᠠᠪᠣᠵᠤ᠂ ᠠᠯᠵᠠᠭᠤ ᠬᠣᠢ᠌ᠷᠭᠤ ᠨᠢ ᠶᠠᠳᠠᠭᠤ ᠳᠤᠷᠤᠢ ᠪᠠᠢ᠌ᠳᠠᠭ︕ ᠭᠡᠳᠥᠢᠪᠠᠷ ᠨᠤᠶᠠᠨ ᠨᠢ ᠮᠠᠭᠤ᠂ ᠪᠠᠶᠠᠨ ᠨᠢ ᠮᠠᠭᠤ ᠭᠡᠵᠤ ᠠᠳᠠᠭᠠᠷᠬᠠᠵᠤ ᠬᠠᠨᠤᠵᠤ᠂ ᠠᠷᠢᠭᠢᠳᠠᠵᠤ ᠴᠠᠯᠭᠠᠢ᠌ᠳᠠᠵᠤ ᠶᠠᠪᠣᠬᠤ ᠨᠢ ᠲᠦᠷ ᠵᠠᠭᠤᠷ᠎ᠠ ᠪᠠᠶᠠᠨ ᠶᠢᠡᠨ ᠰᠠᠭᠠᠳᠠᠭᠤᠯᠵᠤ᠂ ᠪᠣᠯᠭᠢ ᠪᠠᠭᠤᠷᠠᠢ ᠪᠠᠨ ᠥᠮᠦᠭᠯᠡᠵᠤ ᠪᠣᠯᠬᠤ ᠪᠣᠯᠪᠠᠴᠤ ᠦᠨᠡᠩᠬᠦ ᠦᠪᠡᠷ ᠤᠨ ᠶᠢᠡᠨ ᠳᠦᠯᠦᠭᠡ᠂ ᠦᠷ᠎ᠡ ᠬᠣᠢ᠌ᠴᠢᠰ ᠤᠨ ᠶᠢᠡᠨ ᠳᠦᠯᠦᠭᠡ᠂ ᠦᠨᠳᠦᠰᠦᠳᠠᠨ ᠤ ᠪᠠᠨ ᠢᠷᠡᠭᠡᠳᠦᠢ ᠶᠢᠨ ᠡᠮᠦᠨ᠎ᠡ ᠡᠴᠡ ᠰᠠᠨᠠᠭᠠᠰᠢᠷᠠᠪᠠᠯ ᠡᠷᠭᠡ ᠲᠡᠶ ᠭᠦᠴᠦᠳᠡᠢ ᠨᠢ ᠰᠠᠢ᠌ᠨ᠂ ᠡᠷᠳᠡᠮ ᠣᠠᠭᠭᠠᠨ ᠲᠡᠶ ᠨᠢ ᠰᠠᠢ᠌ᠨ ᠭᠡᠵᠤ ᠳᠠᠭᠤ ᠨᠢᠭᠡᠳᠡᠢ ᠬᠠᠰᠭᠢᠷᠠᠪᠠᠯ ᠳᠡᠭᠡᠷ᠎ᠡ ᠪᠢᠰᠢᠤ︖ ᠭᠦᠮᠤᠨ ᠲᠦᠷᠦᠯᠭᠢ ᠨᠢ ᠪᠣᠰᠤᠳ ᠲᠤ ᠠᠩᠬᠠᠷᠤᠭᠳᠠᠵᠤ ᠥᠩᠭᠡᠳᠡᠢ᠂ ᠥᠭᠡᠳᠡᠳᠡᠢ ᠨᠢ ᠪᠣᠯᠵᠤ ᠶᠠᠪᠣᠬᠤ ᠭᠦᠰᠡᠯ ᠡᠷᠡᠮᠡᠯᠵᠡᠯ ᠲᠡᠶ ᠪᠠᠢ᠌ᠳᠠᠭ᠃ ᠪᠦᠷ ᠦᠪᠡᠷ ᠦᠪᠡᠷ ᠤᠨ ᠭᠢᠨᠢ ᠭᠦᠰᠡᠯ ᠤᠨ ᠳᠦᠷᠢ᠂ ᠰᠠᠢ᠌ᠨ ᠮᠠᠭᠤ᠂ ᠰᠠᠢ᠌ᠬᠠᠨ ᠮᠠᠭᠤᠬᠠᠢ ᠶᠢᠨ ᠪᠠᠷᠢᠮᠵᠢᠶ᠎ᠠ ᠲᠡᠶ ᠪᠠᠢ᠌ᠵᠤ᠂ ᠳᠠᠷᠠ ᠡᠴᠡ ᠪᠠᠨ ᠰᠠᠤᠠᠭᠢᠯ ᠤᠨ ᠳᠡᠩᠴᠡᠭᠦᠷᠢ ᠪᠠᠨ ᠣᠯᠳᠠᠭ᠃ ᠪᠢᠳᠠ ᠭᠡᠷᠪᠡ ᠦᠷ᠎ᠡ ᠬᠣᠢ᠌ᠴᠢᠰ ᠲᠠᠭᠠᠨ ᠶᠠᠳᠠᠭᠤ ᠨᠢ ᠰᠠᠢ᠌ᠨ᠂ ᠪᠠᠭᠤᠷᠠᠢ ᠨᠢ ᠰᠠᠢ᠌ᠨ᠂ ᠪᠣᠭᠤᠯ ᠨᠢ ᠰᠠᠢ᠌ᠨ ᠭᠡᠤᠨ ᠪᠠᠷᠢᠮᠵᠢᠶᠠᠯᠠᠭᠠᠤᠨ ᠥᠭ᠍ᠴᠢᠭᠡᠪᠠᠯ ᠡᠨᠡ ᠦᠨᠳᠦᠰᠦᠳᠠᠨ ᠤ ᠢᠷᠡᠭᠡᠳᠦᠢ ᠴᠤᠬᠤᠮ ᠶᠠᠭᠤ ᠪᠣᠯᠳᠠᠭ ᠪᠣᠯ︖

ᠵᠤᠯ ᠶᠢᠡᠷ ᠮᠠᠨ ᠤ ᠭᠡᠦᠭᠡᠤᠨ ᠤᠳ ᠴᠢᠳᠠᠯᠳᠠᠢ᠂ ᠭᠦᠴᠦᠳᠡᠢ ᠲᠡᠶ ᠶᠠᠪᠣᠬᠤ ᠨᠢ ᠵᠦᠪ ᠭᠡᠰᠡᠨ ᠣᠬᠠᠮᠰᠠᠷ ᠲᠡᠶ ᠪᠣᠯᠤᠭᠰᠠᠨ ᠪᠦᠭᠡᠤᠨ ᠪᠢᠳᠠ ᠴᠤ ᠠᠮᠢᠳᠤᠷᠠᠯ ᠳᠤᠮᠳᠠ ᠪᠠᠨ ᠨᠢᠭᠡ᠊ᠨᠳᠡ ᠭᠦᠯᠢᠶᠡᠵᠤ ᠮᠡᠳᠡᠷᠡᠭ᠍ᠰᠡᠨ ᠪᠢᠰᠢᠤ︖ ᠪᠠᠭᠤᠷᠠᠢ ᠨᠢ ᠰᠠᠢ᠌ᠨ᠂ ᠭᠦᠴᠦᠷᠭᠡᠭ᠌ ᠨᠢ ᠮᠠᠭᠤ ᠭᠡᠰᠡᠨ ᠥᠷᠳᠡᠭ᠌ ᠤᠨ ᠦᠵᠡᠯᠳᠠ ᠶᠢᠨ ᠰᠤᠷᠭᠠᠨ ᠭᠦᠮᠦᠵᠢᠯ ᠤᠨ ᠳᠤᠤᠷ᠎ᠠ ᠦᠰᠴᠦ ᠭᠦᠮᠦᠵᠢᠭ᠍ᠰᠡᠨ ᠮᠠᠨ ᠤ ᠭᠡᠦᠭᠡᠤᠨ ᠤᠳ ᠨᠡᠢ᠌ᠭᠡᠮ ᠪᠣᠳᠠᠳᠤ ᠠᠬᠤᠢ ᠲᠡᠶ ᠨᠢᠭᠤᠷᠯᠠᠭᠰᠠᠨ ᠤ ᠪᠠᠨ ᠬᠣᠢ᠌ᠨ᠎ᠠ ᠪᠢᠳᠠᠨ ᠳᠤ ᠮᠡᠭᠡᠯᠡᠭ᠍ᠳᠡᠭ᠍ᠰᠡᠨ ᠶᠤᠮ ᠰᠢᠭ ᠳᠤᠯᠭᠠᠮᠳᠠᠵᠤ᠂ ᠰᠥᠭᠡᠷᠭᠦ ᠰᠠᠤᠠᠭᠢᠴᠠ ᠲᠡᠶ ᠪᠣᠯᠵᠤ ᠪᠠᠢ᠌ᠨ᠎ᠠ᠃ ᠪᠢᠳᠠ ᠣᠳᠤ ᠳᠡᠳᠡᠭᠡᠷ ᠴᠢᠷᠮᠠᠢ᠌ᠵᠤ ᠣᠯᠵᠤ᠂ ᠴᠢᠳᠠᠵᠤ ᠭᠢᠵᠤ ᠪᠠᠢ᠌ᠭ᠎ᠠ ᠭᠦᠮᠦᠰ ᠲᠡᠶ ᠪᠠᠨ ᠨᠢᠳᠤ ᠣᠯᠠᠢ᠌ᠯᠴᠠᠬᠤ ᠪᠠᠨ ᠪᠠᠢ᠌ᠵᠤ ᠬᠠᠢ᠌ᠷᠠᠯᠠᠵᠤ ᠪᠠᠬᠠᠷᠬᠠᠪᠠᠯ ᠳᠡᠭᠡᠷ᠎ᠡ ᠪᠢᠰᠢᠤ︖

ᠴᠢᠳᠠᠯ ᠲᠡᠶ ᠨᠢ ᠨᠤᠶᠠᠨ ᠰᠠᠭᠤᠵᠠᠢ︕

ᠴᠢᠷᠮᠠᠢ᠌ᠯᠳᠠ ᠲᠡᠶ ᠨᠢ ᠪᠠᠶᠠᠨ ᠪᠣᠯᠵᠠᠢ︕

ᠴᠢᠨ᠋ᠸ᠎ᠠ ᠢᠳᠡᠳᠡᠭ᠌ ᠶᠢᠡᠨ ᠯᠠ ᠢᠳᠠᠵᠠᠢ︕

ᠳᠠᠳᠠ ᠶᠠᠭᠤ ᠨᠢ ᠪᠣᠷᠤᠭᠤᠳᠠᠴᠢᠬᠠᠪᠠ︖ ᠶᠠᠭᠠᠭᠢᠬᠤ ᠳᠠᠭᠠᠨ ᠪᠦᠷ ᠮᠠᠭᠤ ᠮᠠᠭᠤᠬᠠᠢ ᠨᠢ ᠪᠣᠯᠴᠢᠬᠠᠳᠠᠭ ᠪᠣᠢ᠃ ᠰᠠᠢ᠌ᠨ ᠮᠠᠭᠤ ᠨᠢ ᠶᠤᠰᠤ ᠰᠤᠷᠳᠠᠬᠤᠨ ᠤ ᠭᠦᠷᠢᠶ᠎ᠡ ᠭᠡᠪᠴᠢᠶᠡᠨ ᠳᠤ ᠬᠠᠷᠢᠶᠠᠯᠠᠭᠳᠠᠵᠤ᠂ ᠰᠠᠢ᠌ᠬᠠᠨ ᠮᠠᠭᠤᠬᠠᠢ ᠨᠢ ᠭᠤᠸ᠎ᠠ ᠵᠤᠢ᠌ ᠶᠢᠨ ᠭᠦᠷᠢᠶ᠎ᠡ ᠭᠡᠪᠴᠢᠶᠡᠨ ᠳᠤ ᠬᠠᠷᠢᠶᠠᠯᠠᠭᠳᠠᠬᠤ ᠪᠢᠰᠢᠤ︖ ᠡᠷᠭᠡ ᠮᠥᠩᠭᠦ᠂ ᠡᠷᠳᠡᠮ ᠴᠢᠳᠠᠯ ᠨᠡᠢ᠌ᠭᠡᠮ ᠤᠨ ᠪᠠᠢ᠌ᠷᠢ ᠰᠠᠭᠤᠷᠢ ᠲᠡᠶ ᠰᠢᠭᠤᠳ ᠬᠠᠮᠢᠶ᠎ᠠ ᠶᠤᠮ ᠦᠦ︖

ᠪᠢᠳᠠ ᠭᠡᠷᠪᠡ ᠰᠤᠳᠤᠨ ᠭᠦᠮᠤᠨ᠂ ᠰᠠᠢ᠌ᠨ ᠭᠦᠮᠤᠨ ᠭᠡᠭ᠍ᠴᠢ ᠶᠠᠮᠠᠷ ᠭᠦᠮᠤᠨ ᠪᠠᠢ᠌ᠬᠤ ᠶᠢ ᠮᠡᠳᠡᠭᠦ ᠦᠭᠡᠶ ᠪᠣᠯ ᠶᠠᠭᠠᠭᠢᠵᠤ ᠰᠤᠳᠤᠨ ᠭᠦᠮᠤᠨ᠂ ᠰᠠᠢ᠌ᠨ ᠭᠦᠮᠦᠰ ᠢ ᠭᠦᠮᠦᠵᠢᠭᠦᠯᠭᠦ ᠪᠢᠯᠠ︕

ᠪᠣᠰᠤᠳ ᠤᠨ ᠵᠤᠪᠠᠬᠤ ᠶᠢ ᠬᠠᠷᠠᠭᠠᠤᠨ ᠵᠤᠪᠠᠵᠤ ᠴᠢᠳᠠᠬᠤ ᠭᠦᠮᠦᠰ ᠣᠯᠠᠨ ᠪᠠᠢ᠌ᠳᠠᠭ ᠪᠣᠯᠪᠠᠴᠤ ᠪᠣᠰᠤᠳ ᠤᠨ ᠪᠠᠶᠠᠷᠯᠠᠬᠤ ᠶᠢ ᠳᠠᠭᠠᠭᠠᠤᠨ ᠪᠠᠶᠠᠷᠯᠠᠵᠤ ᠴᠢᠳᠠᠬᠤ ᠭᠦᠮᠤᠨ ᠬᠠᠷᠢᠨ ᠬᠤᠪᠣᠷᠬᠠᠨ ᠪᠠᠢ᠌ᠳᠠᠭ᠃ ᠰᠠᠢ᠌ᠨ ᠭᠦᠮᠤᠨ ᠰᠢᠭ ᠠᠪᠣᠷᠢᠯᠠᠵᠤ ᠶᠠᠳᠠᠷᠠᠭᠰᠠᠨ᠂ ᠡᠪᠠᠳᠦᠭ᠍ᠰᠡᠨ᠂ ᠥᠨᠦᠴᠢᠷᠡᠭ᠍ᠰᠡᠳ ᠢ ᠦᠷᠦ ᠡᠪᠠᠦᠡᠴᠤ ᠳᠡᠳᠭᠦᠭᠦ ᠨᠢ ᠳᠠᠢ᠌ᠮᠤ ᠴᠤ ᠪᠠᠷᠳᠠᠮᠨᠠᠵᠤ ᠭᠠᠢ᠌ᠬᠠᠭᠤᠯᠮᠠᠷ ᠡᠷᠭᠢᠮ ᠴᠢᠨᠠᠷ ᠪᠢᠰᠢ᠃ ᠭᠡᠨ ᠴᠤ ᠴᠢᠳᠠᠬᠤ ᠪᠠᠷ ᠶᠠᠷᠤ ᠶᠢᠨ ᠭᠦᠮᠤᠨ ᠪᠦᠭᠦᠨ ᠳᠤ ᠪᠠᠢ᠌ᠳᠠᠭ ᠪᠠᠢ᠌ᠭᠠᠯᠢᠭ ᠰᠠᠤᠠᠭᠢᠴᠠ ᠪᠣᠯᠤᠨ᠎ᠠ᠃ ᠬᠠᠷᠢᠨ ᠦᠪᠡᠷ ᠡᠴᠡ ᠨᠢ ᠢᠯᠡᠭᠦᠤ ᠡᠷᠭᠡ ᠲᠡᠶ᠂ ᠴᠢᠳᠠᠯ ᠲᠡᠶ᠂ ᠮᠥᠩᠭᠦ ᠲᠡᠶ ᠶᠠᠪᠣᠵᠤ ᠪᠠᠢ᠌ᠭ᠎ᠠ ᠭᠦᠮᠦᠰ ᠲᠡᠶ ᠠᠳᠠᠭᠠᠷᠬᠠᠵᠤ ᠬᠠᠪᠢᠷᠠᠯᠳᠠᠬᠠᠤ ᠦᠭᠡᠶ ᠣᠭ ᠰᠠᠨᠠᠭᠠᠨ ᠡᠴᠡ ᠪᠠᠨ ᠪᠠᠬᠠᠷᠠᠵᠤ ᠴᠢᠳᠠᠬᠤ ᠳᠤ ᠮᠠᠰᠢ ᠶᠡᠭᠡ ᠰᠤᠶᠤᠯ ᠪᠣᠯᠪᠠᠰᠤᠷᠠᠯ᠂ ᠣᠶᠤᠨ ᠣᠬᠠᠭᠠᠨ᠂ ᠭᠦᠮᠤᠨ ᠮᠦᠰᠤ ᠱᠠᠭᠠᠷᠳᠠᠭᠳᠠᠭ᠃


ᠣᠰᠤᠨ ᠴᠢᠮᠡᠭᠡ ᠪᠠᠷ ᠣᠮᠳᠠ ᠳᠠᠷᠤᠬᠤ


ᠡᠷᠡᠭ᠍ᠴᠢᠨ ᠠᠮᠢᠳᠠᠨ ᠡᠭᠦᠷ ᠶᠢᠡᠨ ᠰᠠᠢ᠌ᠬᠠᠨ ᠪᠠᠷᠢᠭᠠᠤᠨ᠂ ᠡᠮᠡᠭ᠍ᠴᠢᠨ ᠠᠮᠢᠳᠠᠨ ᠤ ᠢᠷᠠᠵᠤ ᠰᠤᠩᠭ᠋ᠤᠬᠤ ᠶᠢ ᠭᠦᠯᠢᠶᠡᠭᠦ ᠥᠵᠡᠭ᠍ᠳᠡᠯ ᠵᠢᠭᠦᠷᠳᠡᠨ᠂ ᠠᠷᠢᠶᠠᠳᠠᠨ ᠠᠯᠢ ᠴᠤ ᠠᠮᠢᠳᠠᠨ ᠤ ᠶ‍ᠢᠷᠳᠢᠠᠴᠤ ᠳᠤ ᠪᠦᠷ ᠬᠠᠷᠠᠭᠳᠠᠳᠠᠭ᠃ ᠡᠨᠡ ᠦᠶ᠎ᠡ ᠳᠤ ᠡᠮᠡᠭ᠍ᠴᠢᠨ ᠠᠮᠢᠳᠠᠨ ᠤ ᠰᠤᠩᠭ᠋ᠤᠯᠳᠠ ᠪᠣᠯ ᠭᠠᠭᠴᠠ ᠪᠠᠶ᠎ᠠ ᠶᠢᠨ ᠭᠢᠨᠢ ᠰᠤᠩᠭ᠋ᠤᠯᠳᠠ ᠪᠢᠰᠢ ᠬᠠᠷᠢᠨ ᠳᠡᠭᠦᠨ ᠤ ᠥᠡᠳᠡᠭᠡ ᠵᠤᠯᠵᠠᠭ᠎ᠠ ᠶᠢ ᠪᠠᠭᠳᠠᠭᠠᠭᠰᠠᠨ ᠨᠢᠭᠡ ᠭᠡᠷ ᠣᠭᠰᠠᠭᠠᠨ ᠤ ᠰᠤᠩᠭ᠋ᠤᠯᠳᠠ ᠪᠣᠯᠤᠨ᠎ᠠ᠃ ᠡᠭᠦᠨ ᠲᠡᠶ ᠢᠵᠢᠯ ᠶᠤᠰᠤ ᠪᠠᠷ ᠦᠬᠢᠳ ᠤᠳ ᠣᠬᠠᠮᠰᠠᠷ ᠲᠡᠶ ᠣᠬᠠᠮᠰᠠᠷ ᠦᠭᠡᠶ ᠳᠠᠢ᠌ᠨ ᠤ ᠦᠶ᠎ᠡ ᠳᠤ ᠪᠠᠭᠠᠳᠤᠷ ᠭᠦᠮᠤᠨ ᠢ ᠰᠤᠩᠭ᠋ᠤᠵᠤ᠂ ᠵᠠᠬ᠎ᠠ ᠳᠡᠯᠭᠡᠭᠦᠷ ᠤᠨ ᠴᠠᠭ ᠲᠤ ᠪᠠᠶᠠᠨ ᠭᠦᠮᠤᠨ ᠢ ᠰᠤᠩᠭ᠋ᠤᠳᠠᠭ᠃ ᠦᠬᠢᠳ ᠤᠳ ᠪᠠᠶᠠᠨ ᠭᠦᠮᠤᠨ ᠢ ᠰᠤᠩᠭ᠋ᠤᠬᠤ ᠦᠶ᠎ᠡ ᠳᠤ ᠭᠡᠷ᠂ ᠳᠡᠷᠭᠡ᠂ ᠪᠣᠳᠠᠰ ᠤᠨ ᠳᠠᠯ᠎ᠠ ᠶᠢᠨ ᠠᠯᠢ ᠳᠤᠷᠠᠳᠠᠢ ᠪᠠᠨ ᠠᠮᠠᠷᠬᠠᠨ ᠣᠯᠵᠤ ᠡᠳ᠋ᠯᠡᠳᠡᠭ᠌᠃ ᠠᠰᠠᠭᠤᠳᠠᠯ ᠨᠢ ᠳᠠᠳᠠ ᠡᠳᠡᠭᠡᠷ ᠵᠣᠢ᠌ᠯᠠᠰ ᠡᠴᠡ ᠠᠵᠠ ᠵᠢᠷᠭᠠᠯ ᠶᠢᠡᠨ ᠣᠯᠵᠤ ᠡᠳ᠋ᠯᠡᠳᠡᠭ᠌ ᠶᠤᠮ ᠪᠣᠯᠪᠠᠤ︖ ᠭᠦᠮᠤᠨ ᠲᠦᠷᠦᠯᠭᠢᠳᠠᠨ ᠤ ᠣᠢ᠌ᠯᠠᠤᠠᠪᠣᠷᠢᠯᠠᠯ ᠠᠮᠢᠳᠤᠷᠠᠯ ᠤᠨ ᠲᠦᠪᠰᠢᠨ ᠳᠤᠤᠷ᠎ᠠ ᠪᠠᠢ᠌ᠭᠰᠠᠨ ᠳᠠᠷᠠ ᠴᠠᠭ ᠦᠶ᠎ᠡ ᠳᠤ ᠭᠦᠮᠦᠰ ᠭᠡᠷᠡᠭ᠍ᠯᠡᠭᠡᠨ ᠤ ᠵᠣᠢ᠌ᠯ ᠬᠤᠭᠤᠯᠠ ᠣᠮᠳᠠ ᠡᠴᠡ ᠠᠵᠠ ᠵᠢᠷᠭᠠᠯ ᠤᠨ ᠰᠠᠷᠠᠯ ᠢ ᠨᠢᠭᠡ ᠭᠡᠮᠵᠢᠶᠡᠨ ᠶᠢᠡᠷ ᠣᠯᠳᠠᠭ ᠯᠠ ᠪᠠᠢ᠌ᠭᠰᠠᠨ ᠪᠠᠢ᠌ᠯᠭᠦᠢ᠃ ᠭᠡᠳᠡᠯ᠎ᠡ ᠣᠳᠤ ᠪᠢᠳᠠ ᠨᠢᠭᠡ ᠰᠠᠢ᠌ᠨ ᠢᠳᠠᠵᠤ ᠣᠤᠭᠤᠴᠢᠬᠠᠭᠠᠤᠨ ᠪᠠᠶᠠᠷᠯᠠᠵᠤ ᠪᠠᠢ᠌ᠨᠠᠤ︖ ᠪᠦᠷᠢᠦᠡᠭᠡᠯ ᠢ ᠦᠨᠳᠦᠰᠦᠯᠠᠪᠠᠯ ᠮᠠᠨ ᠤ ᠣᠯᠤᠰ GNH (ᠠᠷᠠᠤᠨ ᠢᠷᠭᠡᠤᠨ ᠤᠨ ᠵᠢᠷᠭᠠᠯᠳᠠᠢ ᠠᠮᠢᠳᠤᠷᠠᠯ ᠤᠨ ᠪᠠᠷᠢᠮᠵᠢᠶ᠎ᠠ) 1991 ᠣᠨ ᠳᠤ 73%᠂ 1996 ᠣᠨ ᠳᠤ 68% ᠡᠨᠡ ᠡᠴᠡ ᠳᠤᠳᠤᠷᠬᠠᠢ ᠣᠯᠵᠤ ᠬᠠᠷᠠᠬᠤ ᠨᠢ ᠮᠠᠨ ᠤ ᠡᠨᠡ ᠡᠷᠡᠨ ᠳᠤ ᠨᠢᠭᠡ ᠭᠦᠮᠤᠨ ᠤ ᠠᠵᠠ ᠵᠢᠷᠭᠠᠯ ᠤᠨ ᠰᠠᠷᠠᠯ ᠨᠢ ᠪᠣᠳᠠᠰ ᠡᠴᠡ ᠢᠷᠠᠵᠤ ᠪᠠᠢ᠌ᠭ᠎ᠠ ᠪᠢᠰᠢ᠃ ᠳᠠ ᠦᠪᠡᠷ ᠤᠨ ᠰᠠᠤᠠᠭᠢᠯ ᠶᠢᠡᠨ ᠴᠢᠩᠨᠠᠵᠤ ᠥᠵᠡᠭᠡᠷᠡᠢ︕ ᠳᠠᠨ ᠤ ᠵᠢᠩᠭᠢᠨᠢ ᠣᠯᠬᠤ ᠭᠡᠵᠤ ᠪᠠᠢ᠌ᠭ᠎ᠠ ᠴᠢᠨᠢ ᠶᠠᠭᠤ ᠪᠣᠢ︖ ᠳᠠᠷᠠ ᠪᠠᠶᠠᠨ ᠠᠢ᠌ᠯ ᠳᠤ ᠪᠠᠢ᠌ᠳᠠᠭ ᠶᠤᠮ ᠪᠣᠯᠪᠠᠤ︖


ᠴᠢᠳᠠᠯ ᠣᠷᠣᠢ᠌ᠳᠠᠬᠤ ᠡᠴᠡ᠂ ᠴᠠᠭ ᠣᠷᠣᠢ᠌ᠳᠠᠬᠤ ᠦᠭᠡᠶ


ᠮᠡᠳᠡᠭᠡᠵᠢ ᠨᠢᠭᠡ ᠠᠢ᠌ᠯ ᠤᠨ ᠪᠣᠳᠠᠭ᠎ᠠ ᠴᠢᠨᠠᠬᠤ ᠪᠣᠯᠤᠭᠠᠤᠨ ᠳᠠᠪᠤᠨ ᠠᠢ᠌ᠯ ᠤᠨ ᠪᠣᠳᠠᠭ᠎ᠠ ᠴᠢᠨᠠᠬᠤ ᠬᠤᠶᠠᠷ ᠪᠠᠷᠤᠭ ᠠᠳᠠᠯᠢᠬᠠᠨ ᠭᠦᠳᠡᠯᠮᠦᠷᠢ ᠵᠠᠷᠤᠴᠠᠭᠤᠯᠳᠠᠭ᠃ ᠪᠢᠳᠠ ᠳᠠᠩᠴᠤ ᠠᠷᠪᠢᠨ ᠳᠠᠪᠬᠤᠴᠠᠭᠰᠠᠨ ᠠᠵᠢᠯ ᠤᠳ ᠢ ᠭᠢᠵᠤ ᠪᠠᠢ᠌ᠨ᠎ᠠ᠃ ᠣᠷᠳᠤᠰ ᠤᠨ ᠮᠠᠯᠴᠢᠳ ᠶᠢᠡᠷ ᠵᠢᠱᠢᠶᠠᠯᠪᠠᠯ ᠶᠠᠳᠠᠭᠤ ᠠᠢ᠌ᠯ ᠨᠢ ᠭᠤᠷᠪᠠᠨ ᠥᠭᠡᠷ᠂ ᠳᠠᠪᠢᠨ ᠬᠤᠨᠢ᠂ ᠳᠠᠪᠤᠨ ᠮᠤ ᠳᠠᠷᠢᠶ᠎ᠠ ᠲᠡᠶ᠃ ᠪᠠᠶᠠᠨ ᠠᠢ᠌ᠯ ᠨᠢ ᠬᠤᠷᠢᠨ ᠥᠭᠡᠷ᠂ ᠬᠤᠶᠠᠷ ᠵᠠᠭᠤᠨ ᠬᠤᠨᠢ᠂ ᠬᠤᠷᠢᠨ ᠮᠤ ᠳᠠᠷᠢᠶ᠎ᠠ ᠲᠡᠶ ᠯᠠ ᠳᠠᠳᠤᠢ᠃ ᠪᠢᠳᠠ ᠡᠷᠳᠡ ᠡᠴᠡ ᠨᠢᠭᠡ ᠭᠡᠮᠵᠢᠶᠡᠨ ᠶᠢᠡᠷ ᠬᠠᠮᠳᠤᠷᠠᠨ ᠮᠠᠯ᠂ ᠳᠠᠷᠢᠶᠠᠯᠠᠩ ᠤᠨ ᠠᠵᠢᠯ ᠶᠢᠡᠨ ᠵᠤᠭᠢᠴᠢᠭᠤᠯᠵᠤ ᠬᠠᠭᠠᠰ ᠭᠦᠳᠡᠯᠮᠦᠷᠢ ᠭᠦᠴᠤ ᠪᠠᠨ ᠠᠷᠠᠯᠵᠢᠶ᠎ᠠ᠂ ᠳᠡᠭᠡᠭᠡᠪᠦᠷᠢ᠂ ᠳᠦᠭᠦᠭᠡᠢ ᠡᠳ᠋ ᠪᠣᠯᠪᠠᠰᠤᠷᠠᠭᠤᠯᠬᠤ ᠵᠡᠷᠭᠡ ᠳᠤ ᠵᠠᠷᠤᠴᠠᠭᠤᠯᠤᠭᠰᠠᠨ ᠪᠣᠯ ᠭᠦᠳᠡᠯᠮᠦᠷᠢ ᠶᠢᠨ ᠦᠷ᠎ᠡ ᠠᠰᠢᠭ ᠪᠠ ᠣᠷᠤᠯᠭ᠎ᠠ ᠶᠢ ᠨᠡᠮᠡᠭ᠍ᠳᠡᠭᠦᠯᠵᠤ᠂ ᠪᠠᠯᠴᠢᠭᠡᠷ ᠣᠰᠤᠨ ᠤ ᠳᠠᠷᠤᠭᠠᠰᠤ ᠶᠢ ᠭᠦᠩᠭᠡᠯᠡᠭᠡᠤᠨ ᠮᠠᠯᠴᠢᠨ ᠲᠦᠮᠡᠨ ᠤ ᠮᠢᠨᠢ ᠠᠮᠢᠳᠤᠷᠠᠯ ᠠᠷᠠᠢ ᠦᠨᠦᠳᠤᠷ ᠡᠴᠡ ᠪᠠᠭ᠎ᠠ ᠳᠡᠭᠡᠷ᠎ᠡ ᠪᠠᠢ᠌ᠭᠰᠠᠨ ᠪᠠᠢ᠌ᠵᠤ ᠮᠠᠳᠠᠨ᠎ᠠ᠃ ᠭᠢᠳᠠᠤᠨ ᠭᠠᠵᠠᠷ ᠤᠳ ᠨᠢᠭᠡ ᠰᠤᠮᠤ ᠨᠢ ᠱᠠᠬᠠᠢ ᠶᠢᠨ ᠣᠯᠠ ᠭᠢᠪᠠᠯ ᠨᠥᠭᠦᠭᠡ ᠰᠤᠮᠤ ᠨᠢ ᠱᠠᠬᠠᠢ ᠶᠢᠨ ᠵᠤᠯᠠᠭ ᠭᠢᠳᠡᠭ᠌ ᠶᠤᠮ ᠪᠠᠢ᠌ᠨ᠎ᠠ ᠭᠡᠨ᠎ᠡ᠃


ᠪᠠᠶ᠎ᠠ ᠪᠠᠨ ᠮᠠᠳᠠᠪᠠᠯ


ᠨᠢᠭᠡ ᠵᠤᠯᠵᠠᠭᠠᠨ ᠵᠠᠭᠠᠨ᠎ᠠ ᠶᠢ ᠭᠦᠯ ᠡᠴᠡ ᠨᠢ ᠳᠡᠭᠡᠰᠤ ᠪᠠᠷ ᠣᠶᠠᠭᠠᠤᠨ ᠳᠡᠵᠢᠭᠡᠭᠦ ᠦᠶ᠎ᠡ ᠳᠤ ᠠᠯᠳᠠᠭᠤᠯᠬᠤ ᠭᠡᠵᠤ ᠪᠠᠬᠠᠨ ᠴᠢᠷᠮᠢ᠌ᠳᠠᠭ ᠪᠣᠯᠪᠠᠴᠤ ᠣᠳᠠᠯ ᠦᠭᠡᠶ ᠳᠠᠰᠴᠢᠬᠠᠳᠠᠭ ᠪᠠᠢ᠌ᠨ᠎ᠠ᠃ ᠳᠤᠰ ᠳᠡᠭᠡᠰᠤ ᠶᠢ ᠣᠶᠠᠭᠠᠳᠠᠢ ᠨᠢ ᠳᠠᠯᠪᠠ ᠢᠰᠭᠦᠯᠭᠦ ᠳᠡᠩᠭᠡᠭᠡ ᠲᠡᠶ ᠳᠤᠮᠤ ᠪᠣᠯᠤᠭᠰᠠᠨ ᠤ ᠪᠠᠨ ᠳᠠᠷᠠᠭ᠎ᠠ ᠴᠤ ᠳᠠᠰᠤᠯᠠᠵᠤ 《ᠳᠡᠢ᠌ᠯᠭᠦ ᠦᠭᠡᠶ》 ᠭᠡᠳᠡᠭ᠌ ᠶᠢᠡᠨ ᠭᠦᠨ ᠢᠳᠡᠭᠡᠭ᠍ᠰᠡᠨ ᠪᠣᠯᠬᠤᠷ ᠨᠠᠰᠤ ᠪᠠᠷ ᠶᠢᠡᠨ ᠣᠶᠠᠭᠠᠳᠠᠢ ᠠᠮᠢᠳᠤᠷᠠᠳᠠᠭ᠃

ᠪᠢᠳᠠ ᠭᠡᠦᠭᠡᠤᠨ ᠤᠨ ᠶᠢᠡᠨ ᠥᠭᠡ ᠭᠡᠯᠡᠵᠤ ᠰᠤᠷᠬᠤ ᠦᠶ᠎ᠡ ᠳ᠋ᠤᠨᠢ ᠰᠢᠬᠠᠵᠤ ᠠᠯᠪᠠᠳᠠᠭᠰᠠᠨ ᠦᠭᠡᠶ᠂ ᠰᠢᠯᠭᠠᠵᠤ ᠬᠤᠪᠢ ᠦᠭ‍ᠭᠦᠭ᠍ᠰᠡᠨ ᠦᠭᠡᠶ᠂ ᠥᠭᠡᠷ᠎ᠡ ᠭᠡᠦᠭᠡᠤᠨ ᠲᠡᠶ ᠠᠳᠠᠯᠢᠤᠠᠬᠠᠭᠰᠠᠨ ᠦᠭᠡᠶ᠂ ᠪᠣᠷᠤᠭᠤ ᠭᠡᠯᠡᠯ᠎ᠡ ᠭᠡᠤᠨ ᠬᠠᠷᠢᠶᠠᠭᠰᠠᠨ ᠦᠭᠡᠶ᠂ ᠭᠡᠯᠡᠭᠡᠢ ᠭᠡᠯᠡᠯ᠎ᠡ ᠭᠡᠤᠨ ᠳᠠᠭᠤᠷᠢᠶᠠᠭᠰᠠᠨ ᠦᠭᠡᠶ ᠬᠠᠷᠢᠨ ᠡᠷᠳᠡ ᠣᠷᠤᠢ ᠦᠭᠡᠶ ᠥᠭᠡ ᠭᠡᠯᠡᠵᠤ ᠴᠢᠳᠠᠨ᠎ᠠ ᠭᠡᠳᠡᠭ᠌ ᠲᠤ ᠢᠳᠠᠭᠡᠵᠤ ᠭᠦᠯᠢᠶᠡᠭ᠍ᠰᠡᠨ ᠶᠤᠮ᠃ ᠶᠠᠮᠠᠷᠴᠤ ᠨᠢᠭᠡ ᠲᠦᠷᠦᠯ ᠤᠨ ᠰᠢᠡᠵᠢᠯᠡᠭᠦ ᠣᠬᠠᠭᠠᠨ ᠭᠡᠤᠨ ᠭᠡᠯᠡ ᠰᠤᠷᠬᠤ ᠡᠴᠡ ᠭᠦᠴᠢᠷ ᠪᠢᠰᠢ᠃ ᠳᠡᠭᠡᠭᠡᠤᠨ ᠠᠳᠠᠯᠢᠬᠠᠨ ᠭᠡᠯᠡ ᠰᠤᠷᠴᠤ ᠴᠢᠳᠠᠭᠰᠠᠨ ᠭᠡᠦᠭᠡᠤᠨ ᠶᠠᠭᠠᠭᠢᠭᠠᠤᠨ ᠰᠤᠷᠭᠠᠭᠤᠯᠢ ᠳᠤ ᠣᠷᠤᠭᠰᠠᠨ ᠤ ᠪᠠᠨ ᠳᠠᠷᠠᠭ᠎ᠠ ᠵᠠᠷᠢᠮ ᠤᠨ ᠭᠢᠨᠢ ᠰᠤᠷᠤᠯᠭ᠎ᠠ ᠨᠢ ᠮᠠᠭᠤ ᠪᠠᠢ᠌ᠳᠠᠭ ᠪᠣᠢ ᠭᠡᠪᠠᠯ ᠭᠡᠦᠭᠡᠤᠨ ᠤᠳ ᠤᠨ ᠭᠡᠯᠡᠨ ᠳᠤ ᠣᠷᠤᠬᠤ ᠦᠶ᠎ᠡ ᠨᠢ ᠠᠳᠠᠯᠢ ᠦᠭᠡᠶ ᠪᠠᠢ᠌ᠳᠠᠭ ᠰᠢᠭ ᠡᠯ᠎ᠡ ᠲᠦᠷᠦᠯ ᠤᠨ ᠰᠢᠡᠵᠢᠯᠡᠭᠦ ᠣᠬᠠᠭᠠᠨ ᠢ ᠮᠦᠨ ᠯᠠ ᠠᠳᠠᠯᠢ ᠪᠣᠰᠤ ᠨᠠᠰᠤ ᠦᠶ᠎ᠡ ᠳᠡᠭᠡᠨ ᠭᠦᠯᠢᠶᠡᠨ ᠠᠪᠴᠤ ᠰᠤᠷᠳᠠᠭ ᠶᠤᠮ ᠪᠠᠢ᠌ᠵᠠᠢ᠃ ᠭᠡᠳᠡᠯ᠎ᠡ ᠪᠢᠳᠠ ᠣᠯᠠᠩᠭᠢ ᠪᠣᠯᠵᠤᠯ ᠳᠤ ᠳᠠᠷᠠ ᠶᠢ ᠨᠢ ᠭᠦᠯᠢᠶᠡᠯ ᠦᠭᠡᠶ ᠰᠢᠬᠠᠵᠤ ᠠᠯᠪᠠᠳᠠᠬᠤ ᠠᠷᠠᠭ᠎ᠠ ᠭᠡᠮᠵᠢᠶ᠎ᠡ ᠠᠪᠴᠤ ᠬᠠᠰᠢᠷᠭᠠᠬᠤ ᠪᠣᠶᠤ ᠠᠶᠤᠳᠠᠰᠤ ᠳᠦᠷᠦᠭᠦᠯᠦᠭᠡᠤᠨ ᠮᠡᠳᠡᠯᠭᠡ ᠶᠢ ᠨᠢ ᠮᠡᠳᠡᠭᠦᠯᠦᠭ᠍ᠰᠡᠨ ᠦᠭᠡᠶ᠂ ᠬᠠᠷᠢᠨ ᠡᠨᠡ ᠲᠦᠷᠦᠯ ᠤᠨ ᠰᠢᠡᠵᠢᠯᠡᠭᠦ ᠣᠬᠠᠭᠠᠨ ᠢ ᠰᠤᠷᠴᠤ ᠳᠡᠢ᠌ᠯᠭᠦ ᠦᠭᠡᠶ ᠶᠤᠮ ᠪᠠᠢ᠌ᠨ᠎ᠠ ᠭᠡᠳᠡᠭ᠌ ᠢ ᠨᠢ ᠮᠡᠳᠡᠭᠦᠯᠦᠭ᠍ᠰᠡᠨ ᠪᠠᠢ᠌ᠳᠠᠭ᠃ ᠨᠠᠩ ᠢᠯᠠᠩᠭ᠋ᠤᠶ᠎ᠠ ᠳᠠᠳᠠ ᠳᠤᠰᠬᠠᠢ᠌ᠯᠠᠨ ᠮᠠᠭᠤ ᠰᠤᠷᠴᠤ ᠪᠠᠢ᠌ᠭ᠎ᠠ ᠯᠠᠪᠳᠠᠢ ᠪᠢᠰᠢ ᠶᠤᠮ᠃ 99 ᠬᠤᠪᠢ ᠣᠯᠵᠤ ᠴᠢᠳᠠᠬᠤ ᠰᠤᠷᠤᠭᠴᠢ ᠰᠠᠳᠤᠪ ᠶᠢᠡᠨ ᠠᠯᠪᠠ ᠪᠠᠷ ᠪᠣᠷᠤᠭᠤ ᠬᠠᠷᠢᠭᠤᠯᠤᠭᠠᠤᠨ 20 ᠬᠤᠪᠢ ᠠᠪᠣᠨ᠎ᠠ ᠭᠡᠵᠤ ᠯᠠᠪ ᠪᠠᠢ᠌ᠬᠤ ᠦᠭᠡᠶ᠃ ᠵᠥᠪᠭᠡᠨ ᠰᠤᠷᠤᠯᠴᠠᠬᠤ ᠵᠦᠪ ᠠᠷᠭ᠎ᠠ ᠵᠠᠮ ᠢ ᠨᠢ ᠣᠯᠤᠭᠰᠠᠨ ᠦᠭᠡᠶ ᠪᠣᠶᠤ ᠰᠢᠬᠠᠯᠳᠠ ᠳᠠᠷᠤᠯᠳᠠ ᠶᠢᠨ ᠳᠤᠤᠷ᠎ᠠ ᠢᠳᠡᠭᠡᠯ ᠵᠤᠷᠢᠭ ᠶᠢᠡᠨ ᠠᠯᠳᠠᠵᠤ 《ᠳᠡᠢ᠌ᠯᠭᠦ ᠦᠭᠡᠶ》 ᠭᠡᠳᠡᠭ᠌ ᠶᠢᠡᠨ ᠢᠳᠡᠭᠡᠭ᠍ᠰᠡᠨ ᠡᠴᠡ ᠪᠣᠯᠤᠭᠰᠠᠨ ᠶᠤᠮ᠃

《ᠳᠡᠢ᠌ᠯᠭᠦ ᠦᠭᠡᠶ》 ᠭᠡᠳᠡᠭ᠌ ᠪᠣᠯ ᠪᠣᠭᠤᠯ ᠪᠣᠯᠬᠤ ᠵᠠᠶᠠᠭ᠎ᠠ ᠲᠡᠶ ᠭᠦᠮᠦᠰ ᠲᠤ ᠪᠠᠢ᠌ᠬᠤ ᠶᠤᠰᠤᠳᠠᠢ ᠪᠣᠳᠤᠯ ᠮᠦᠨ᠃


ᠵᠤᠬᠢᠶᠠᠭᠴᠢ᠄ ᠲᠦᠪᠰᠢᠨᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6170
ᠴᠠᠭ᠄ 2009 ᠤᠨ ᠤ 03 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ