ᠨᠡᠪᠲᠡᠷᠡᠨ ᠤᠷᠤᠬᠤ
ᠠᠩ ᠤᠨ ᠰᠠᠩ

ᠰᠡᠯᠢᠭᠦᠨ ᠠᠭᠢ᠂ ᠠᠷᠴᠠ᠂ ᠭᠤᠯᠢᠷ᠂ ᠳᠤᠰᠤᠨ ᠶᠢᠡᠷ

ᠦᠨᠳᠦᠷ ᠠᠭᠤᠯᠠ ᠶᠢᠨ ᠣᠷᠭᠢᠯ ᠡᠴᠡ ᠡᠨᠡ

ᠠᠯᠳᠠᠨ ᠳᠠᠯᠠᠯᠭ᠎ᠠ ᠰᠠᠩ ᠢ ᠳᠠᠯᠪᠢᠬᠤᠯ᠎ᠠ

ᠠᠯᠢᠪᠠ ᠣᠢ᠌ᠯᠠᠰ ᠦᠪᠠᠰᠤᠪᠠᠨ ᠪᠦᠳᠦᠭᠦ ᠪᠣᠢ᠃


ᠦᠨᠳᠦᠷ ᠳᠡᠭᠡᠳᠤ ᠭᠦᠭᠡ ᠳᠡᠭ᠍ᠷᠢ

ᠦᠷᠭᠡᠨ ᠶᠡᠭᠡ ᠠᠯᠳᠠᠨ ᠳᠡᠯᠡᠭᠡᠢ

ᠥᠭ᠍‍ᠭᠢᠶᠡᠮᠦᠷ ᠪᠠᠶᠠᠨ ᠠᠯᠳᠠᠢ ᠬᠠᠩᠭ᠋ᠠᠢ ᠮᠢᠨᠤ

ᠦᠪᠣᠷ ᠲᠡᠭᠡᠨ ᠣᠷᠤᠰᠢᠭᠴᠢ

ᠥᠯᠦᠭᠡᠢ ᠳᠡᠭᠡᠨ ᠪᠠᠯᠴᠢᠭ᠍ᠴᠢ

ᠪᠣᠭᠤ ᠰᠤᠭᠤ᠂ ᠪᠣᠯᠠᠭ᠎ᠠ ᠰᠢᠯᠦᠭᠦᠰᠤ

ᠭᠦᠭᠡ ᠴᠢᠨ᠋ᠸ᠎ᠠ᠂ ᠭᠦᠡᠳᠡᠢ ᠶᠢᠨ ᠵᠡᠭᠡᠷ᠎ᠡ

ᠬᠠᠳᠠᠨ ᠤ ᠢᠷᠪᠢᠰ᠂ ᠮᠤᠳᠤᠨ ᠤ ᠭᠡᠷᠡᠮᠤ

ᠬᠠᠮᠤᠭ ᠠᠩ ᠭᠦᠷᠦᠭᠡᠰᠤᠨ ᠤ ᠭᠡᠰᠢᠭ᠌ ᠢ ᠦᠭ‍ᠭᠦᠨ ᠰᠤᠶᠤᠷᠬ᠎ᠠ᠃

ᠬᠤᠷᠤᠢ ᠬᠤᠷᠤᠢ ᠬᠤᠷᠤᠢ ︕


ᠬᠠᠨ ᠡᠵᠡᠨ ᠳᠤ ᠮᠢᠨᠤ

ᠬᠠᠢ᠌ᠷᠠᠯᠠᠭᠤᠯᠤᠨ ᠰᠤᠶᠤᠷᠬ᠎ᠠ᠃

ᠬᠠᠨᠢ ᠨᠥᠭᠦᠤᠨ ᠲᠤ ᠮᠢᠨᠤ

ᠥᠮᠦᠭᠯᠡᠭᠦᠯᠤᠨ ᠰᠤᠶᠤᠷᠬ᠎ᠠ᠃

ᠬᠤᠷᠤᠢ ᠬᠤᠷᠤᠢ ᠬᠤᠷᠤᠢ ︕

ᠬᠠᠨᠢᠯᠠᠬᠤ ᠣᠯᠠᠨ ᠨᠥᠭᠦᠤᠨ

ᠬᠠᠳᠠᠷᠢᠬᠤ ᠰᠠᠢ᠌ᠬᠠᠨ ᠮᠤᠷᠢ ᠶᠢ

ᠬᠠᠢ᠌ᠷᠠᠯᠠᠨ ᠰᠤᠶᠤᠷᠬ᠎ᠠ᠃

ᠬᠤᠷᠤᠢ ᠬᠤᠷᠤᠢ ᠬᠤᠷᠤᠢ ︕


ᠥᠶᠡᠯᠡᠭᠦ ᠰᠠᠢ᠌ᠬᠠᠨ ᠨᠥᠭᠦᠤᠨ

ᠡᠭᠦᠷᠭᠦ ᠰᠠᠢ᠌ᠬᠠᠨ ᠫᠣᠤ

ᠠᠷᠭᠤᠮᠠᠭ ᠰᠠᠢ᠌ᠨ ᠮᠤᠷᠢ

ᠠᠯᠳᠠᠳᠠᠢ ᠰᠠᠢ᠌ᠬᠠᠨ ᠳᠠᠪᠠᠯ

ᠠᠮᠠᠷᠠᠭ ᠰᠠᠢ᠌ᠬᠠᠨ ᠡᠷ᠎ᠡ

ᠠᠷᠰᠯᠠᠨ ᠤ ᠶᠡᠭᠡ ᠭᠦᠴᠤᠨ

ᠠᠶᠤᠮᠰᠢᠭ ᠦᠭᠡᠶ ᠵᠤᠷᠢᠭ

ᠬᠤᠷᠳᠤᠨ ᠰᠠᠢ᠌ᠬᠠᠨ ᠮᠤᠷᠢ

ᠬᠤᠷᠴᠠ ᠰᠠᠢ᠌ᠬᠠᠨ ᠮᠠᠰᠠ

ᠬᠠᠢ᠌ᠷᠠᠯᠠᠨ ᠦᠷᠤᠰᠢᠶᠠᠵᠤ

ᠬᠠᠷᠠᠵᠤ ᠲᠡᠳᠬᠦᠨ ᠰᠤᠶᠤᠷᠬ᠎ᠠ᠃

ᠰᠦᠮᠢᠷ ᠠᠭᠤᠯᠠ ᠮᠠᠳᠤ ᠪᠠᠳᠤ

ᠰᠦᠨ ᠳᠠᠯᠠᠢ ᠮᠠᠳᠤ ᠳᠦᠭᠦᠷᠡᠩ

ᠨᠠᠪᠴᠢ ᠮᠠᠳᠤ ᠳᠡᠯᠭᠡᠷᠡᠩᠭᠦᠢ

ᠨᠠᠷᠠᠨ ᠮᠠᠳᠤ ᠭᠡᠭᠡᠨ

ᠰᠠᠷᠠᠨ ᠮᠠᠳᠤ ᠰᠠᠷᠠᠭᠤᠯ

ᠰᠠᠢ᠌ᠬᠠᠨ ᠵᠢᠷᠭᠠᠯ ᠲᠡᠶ ᠪᠣᠯᠭᠠᠨ ᠰᠤᠶᠤᠷᠬ᠎ᠠ᠃

ᠬᠤᠷᠤᠢ ᠬᠤᠷᠤᠢ ᠬᠤᠷᠤᠢ ︕

ᠳᠦᠷᠪᠠᠨ ᠵᠥᠭ᠌ ᠶᠠᠪᠣᠬᠤ ᠵᠠᠮ ᠢ

ᠳᠦᠲᠡ ᠳᠦᠭᠦᠮ ᠪᠣᠯᠭᠠᠨ ᠰᠤᠶᠤᠷᠬ᠎ᠠ᠃

ᠨᠢ᠋ᠮᠠᠨ ᠵᠤᠪᠭᠢᠰ ᠲᠤ ᠶᠠᠪᠣᠬᠤ ᠵᠠᠮ ᠢ

ᠨᠠᠢ᠌ᠷᠳᠠᠢ ᠪᠣᠯᠭᠠᠨ ᠰᠤᠶᠤᠷᠬ᠎ᠠ᠃

ᠬᠤᠷᠤᠢ ᠬᠤᠷᠤᠢ ᠬᠤᠷᠤᠢ ︕

ᠭᠤᠴᠢᠨ ᠭᠤᠷᠪᠠᠨ ᠭᠦᠭᠡ ᠳᠡᠭ᠍ᠷᠢ

ᠳᠠᠯᠠᠨ ᠳᠤᠯᠤᠭᠠᠨ ᠡᠳᠦᠭᠡᠨ ᠡᠭᠡ

ᠬᠠᠮᠤᠭ ᠶᠡᠭᠡ ᠪᠣᠶᠠᠨ ᠭᠡᠰᠢᠭ᠌ ᠢ

ᠬᠠᠢ᠌ᠷᠠᠯᠠᠨ ᠰᠤᠶᠤᠷᠬ᠎ᠠ᠂ ᠦᠷᠤᠰᠢᠶᠠᠨ ᠰᠤᠶᠤᠷᠬ᠎ᠠ᠃

ᠬᠤᠷᠤᠢ ᠬᠤᠷᠤᠢ ᠬᠤᠷᠤᠢ ︕


· 《ᠵᠠᠭᠤᠨ ᠪᠢᠯᠢᠭ᠌》 ᠡᠴᠡ ᠠᠪᠣᠪᠠ᠃


ᠵᠤᠬᠢᠶᠠᠭᠴᠢ ᠶᠢᠨ ᠬᠠ‍‌ᠶᠢᠭ ᠄ ᠵᠠᠷᠤᠳ

ᠵᠤᠬᠢᠶᠠᠭᠴᠢ᠄ ᠤᠶᠤᠨᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7468
ᠴᠠᠭ᠄ 2012 ᠤᠨ ᠤ 09 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ