ᠨᠡᠪᠲᠡᠷᠡᠨ ᠤᠷᠤᠬᠤ
ᠰᠤᠷᠤᠭᠴᠢ ᠶᠢᠨ ᠰᠤᠷᠬᠤ ᠪᠠᠷ ᠪᠠᠭᠰᠢ ᠶᠢᠨ ᠵᠢᠭᠠᠬᠤ ᠶᠢ ᠥᠨᠡᠯᠡᠭᠦ ᠨᠢ

ᠣᠯᠠᠮᠵᠢᠯᠠᠯᠳᠤ ᠭᠢᠴᠢᠶᠠᠯ ᠤᠨ ᠳᠠᠩᠭᠢᠮ ᠳ᠋ᠠᠭᠢ ᠵᠢᠭᠠᠨ ᠰᠤᠷᠭᠠᠯᠳᠠ ᠶᠢᠨ ᠦᠨᠡᠯᠠᠯᠳᠠ ᠨᠢ ᠶᠡᠷᠦᠳᠡᠭᠡᠨ ᠪᠠᠭᠰᠢ ᠶᠢ ᠥᠨᠡᠯᠡᠭᠦ ᠪᠠᠷ ᠭᠤᠤᠯᠳᠠᠯᠭ᠎ᠠ ᠪᠠᠨ ᠪᠣᠯᠭᠠᠳᠠᠭ ᠶᠤᠮ᠃ ᠳᠠᠷᠤᠢ ᠪᠠᠭᠰᠢ ᠶᠢᠨ ᠭᠡᠯᠡ ᠭᠡᠯᠡᠯᠭᠡ ᠣᠷᠤᠰᠤᠮ᠎ᠠ ᠳᠤᠳᠤ ᠡᠰᠡᠭᠦ᠂ ᠰᠠᠮᠪᠠᠷ᠎ᠠ ᠶᠢᠨ ᠠᠰᠢᠭᠯᠠᠯᠳᠠ ᠵᠤᠭᠢᠰᠳᠠᠢ ᠡᠰᠡᠭᠦ᠂ ᠪᠠᠭᠰᠢ ᠶᠢᠨ ᠣᠷᠮ᠎ᠠ ᠰᠡᠳᠬᠢᠯᠭᠡ ᠶᠢᠨ ᠢᠯᠠᠷᠠᠯ ᠨᠢ ᠨᠥᠯᠦᠭᠡᠯᠡᠭᠦ ᠭᠦᠴᠤᠨ ᠶᠢᠡᠷ ᠴᠢᠩᠭ᠎ᠠ ᠡᠰᠡᠭᠦ᠂ ᠵᠢᠭᠠᠨ ᠰᠤᠷᠭᠠᠬᠤ ᠰᠠᠳᠭᠢᠮᠵᠢ ᠨᠢ ᠳᠤᠳᠤᠷᠬᠠᠢ ᠡᠰᠡᠭᠦ᠂ ᠭᠢᠴᠢᠶᠠᠯ ᠤᠨ ᠪᠠᠢ᠌ᠷᠢᠰᠢᠭᠤᠯᠤᠯᠳᠠ ᠨᠢ ᠳᠤᠭᠢᠷᠠᠮᠵᠢᠳᠠᠢ ᠡᠰᠡᠭᠦ ᠶᠢ ᠦᠵᠡᠵᠤ ᠳᠤᠰ ᠪᠠᠭᠰᠢ ᠶᠢᠨ ᠭᠢᠴᠢᠶᠠᠯ ᠤᠨ ᠳᠠᠩᠭᠢᠮ ᠳ᠋ᠠᠭᠢ ᠠᠯᠢᠪᠠ ᠠᠵᠢᠯᠯᠠᠭ᠎ᠠ ᠶᠢ ᠨᠢ ᠥᠨᠡᠯᠡᠳᠡᠭ᠌᠃ ᠭᠡᠭᠦ ᠳᠡᠭᠡᠨ ᠰᠤᠷᠤᠭᠴᠢᠳ ᠤᠨ ᠭᠦᠳᠡᠯᠭᠡᠭᠡᠨ ᠤ ᠢᠯᠠᠷᠠᠯ ᠨᠢ ᠦᠨᠳᠦᠰᠦᠨ ᠳᠡᠭᠡᠨ ᠪᠠᠭᠰᠢ ᠶᠢᠨ ᠵᠢᠭᠠᠭᠰᠠᠨ ᠤ ᠳᠤᠰᠬᠠᠯ ᠶᠢᠡᠷ ᠬᠠᠷᠠᠭᠳᠠᠬᠤ ᠪᠣᠶᠤ ᠪᠠᠭᠰᠢ ᠶᠢᠨ ᠵᠢᠭᠠᠬᠤ ᠶᠢᠨ ᠴᠢᠭᠯᠡᠯ ᠪᠣᠯᠳᠠᠭ᠃ ᠶᠡᠷᠦᠩᠭᠡᠢ ᠳᠤ ᠨᠢ ᠠᠪᠴᠤ ᠭᠡᠯᠡᠪᠠᠯ᠂ ᠥᠩᠭᠡᠷᠡᠭ᠍ᠰᠡᠨ ᠤ ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠶᠢᠨ ᠦᠨᠡᠯᠠᠯᠳᠠ ᠨᠢ 《ᠵᠢᠭᠠᠬᠤ ᠪᠠᠷ ᠭᠤᠤᠯ ᠪᠣᠯᠭᠠᠵᠤ᠂ ᠰᠤᠷᠬᠤ ᠨᠢ ᠵᠢᠭᠠᠬᠤ ᠳᠤ ᠥᠢᠯᠡᠴᠢᠯᠡᠭᠦ》 ᠶᠢ ᠢᠯᠡᠷᠡᠭᠦᠯᠳᠡᠭ᠌᠃ ᠰᠠᠭᠤᠷᠢ ᠰᠤᠷᠭᠠᠨ ᠭᠦᠮᠦᠵᠢᠯ ᠤᠨ ᠭᠢᠴᠢᠶᠡᠯᠡᠯᠭᠡ ᠶᠢᠨ ᠥᠭᠡᠷᠡᠴᠢᠯᠡᠯᠳᠡ ᠭᠢᠭᠡᠳ ᠭᠢᠴᠢᠶᠡᠯᠯᠡᠭᠦ ᠴᠢᠳᠠᠪᠣᠷᠢ ᠶᠢᠨ ᠬᠤᠪᠢᠰᠤᠯᠳᠠ ᠳᠤ ᠬᠠᠠᠳᠤᠭᠤᠯᠵᠤ ᠦᠨᠡᠯᠠᠯᠳᠠ ᠶᠢᠨ ᠠᠷᠭ᠎ᠠ ᠳᠤ ᠪᠠᠰᠠ ᠦᠨᠳᠦᠰᠦᠨ ᠴᠢᠨᠠᠷᠳᠠᠢ ᠡᠷᠭᠢᠯᠳᠡ ᠭᠠᠷᠭᠠᠭᠰᠠᠨ ᠪᠠᠢ᠌ᠨ᠎ᠠ᠃ ᠦᠨᠡᠯᠠᠯᠳᠠ ᠨᠢ ᠳᠠᠭᠢᠵᠤ ᠰᠤᠩᠭ᠋ᠤᠵᠤ ᠰᠢᠯᠭᠠᠷᠠᠭᠤᠯᠬᠤ ᠪᠣᠶᠤ ᠰᠢᠯᠭᠠᠨ ᠠᠩᠭᠢᠯᠠᠬᠤ ᠪᠢᠰᠢ ᠬᠠᠷᠢᠨ ᠭᠡᠷᠭᠢᠨ ᠦᠨᠡᠯᠠᠯᠳᠠ ᠶᠢᠨ ᠣᠷᠮᠠᠰᠢᠭᠤᠯᠬᠤ ᠣᠢ᠌ᠯᠠᠳᠤᠯ ᠢ ᠪᠠᠳᠠᠷᠠᠭᠤᠯᠵᠤ᠂ ᠰᠤᠷᠤᠭᠴᠢᠳ ᠤᠨ ᠭᠦᠭ᠍ᠵᠢᠯᠳᠡ ᠶᠢ ᠠᠩᠬᠠᠷᠴᠤ᠂ ᠰᠤᠷᠤᠭᠴᠢᠳ ᠤᠨ ᠭᠦᠭ᠍ᠵᠢᠯᠳᠡ ᠳᠤ ᠥᠢᠯᠡᠴᠢᠯᠡᠭᠦ ᠶᠠᠪᠣᠳᠠᠯ ᠪᠣᠯᠤᠨ᠎ᠠ᠃ ᠡᠢ᠌ᠮᠤ ᠡᠴᠠ ᠪᠢᠳᠠ ᠰᠢᠨ᠎ᠡ ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠶᠢᠨ ᠦᠨᠡᠯᠠᠯᠳᠠ ᠶᠢᠨ ᠭᠡᠯᠪᠠᠷᠢ ᠊᠊᠊᠊᠊᠊᠊᠊᠊᠊᠊᠊᠊᠊᠊ 《ᠰᠤᠷᠬᠤ ᠪᠠᠷ ᠵᠢᠭᠠᠬᠤ ᠶᠢ ᠥᠨᠡᠯᠡᠭᠦ》 ᠶᠢ ᠳᠤᠷᠠᠳᠴᠤ ᠭᠠᠷᠭᠠᠭᠰᠠᠨ ᠪᠠᠢ᠌ᠨ᠎ᠠ᠃ ᠳᠠᠷᠤᠢ ᠦᠨᠡᠯᠠᠯᠳᠠ ᠶᠢᠨ ᠭᠤᠤᠯᠳᠠᠯᠭ᠎ᠠ ᠪᠠᠨ ᠰᠤᠷᠤᠭᠴᠢᠳ ᠤᠨ ᠭᠢᠴᠢᠶᠠᠯ ᠤᠨ ᠳᠠᠩᠭᠢᠮ ᠳ᠋ᠠᠭᠢ ᠭᠦᠳᠡᠯᠪᠦᠷᠢ ᠶᠢᠨ ᠢᠯᠠᠷᠠᠯ᠂ ᠣᠷᠮ᠎ᠠ ᠰᠡᠳᠬᠢᠯᠭᠡ ᠶᠢᠨ ᠢᠯᠡᠷᠡᠭᠦᠯᠦᠯᠳᠡ᠂ ᠳᠠᠰ ᠳᠠᠷᠠᠭᠠᠯᠠᠯ ᠤᠨ ᠪᠠᠢ᠌ᠷᠢᠰᠢᠭᠤᠯᠤᠯᠳᠠ᠂ ᠮᠡᠳᠡᠯᠭᠡ ᠶᠢᠨ ᠭᠦᠷᠳᠡᠭᠡᠮᠵᠢ ᠪᠣᠯᠤᠨ ᠬᠠᠮᠳᠤᠷᠠᠨ ᠠᠵᠢᠯᠯᠠᠵᠤ ᠰᠤᠯᠢᠯᠴᠠᠬᠤ ᠵᠡᠷᠭᠡ ᠳᠠᠯ᠎ᠠ ᠳᠤ ᠰᠢᠯᠵᠢᠭᠦᠯᠦᠭ᠍ᠰᠡᠨ ᠪᠠᠢ᠌ᠨ᠎ᠠ᠃ ᠭᠢᠴᠢᠶᠠᠯ ᠤᠨ ᠳᠠᠩᠭᠢᠮ ᠳ᠋ᠠᠭᠢ ᠰᠤᠷᠤᠭᠴᠢᠳ ᠤᠨ ᠳᠠᠨᠢᠯᠳᠠ᠂ ᠰᠠᠳᠭᠢᠴᠠ᠂ ᠣᠷᠮ᠎ᠠ ᠰᠡᠳᠬᠢᠯᠭᠡ ᠵᠡᠷᠭᠡ ᠶᠢᠨ ᠭᠢᠷᠢ ᠲᠦᠪᠰᠢᠨ ᠶᠢᠡᠷ ᠵᠢᠭᠠᠨ ᠰᠤᠷᠭᠠᠬᠤ ᠶᠠᠰᠤ ᠴᠢᠨᠠᠷ ᠤᠨ ᠭᠡᠮᠵᠢᠶ᠎ᠡ ᠶᠢ ᠥᠨᠡᠯᠡᠭᠦ ᠪᠣᠯᠤᠭᠰᠠᠨ ᠪᠠᠢ᠌ᠨ᠎ᠠ᠃ ᠪᠣᠳᠠᠳᠠᠢ ᠢᠯᠠᠷᠠᠯ ᠨᠢ ᠭᠡᠪᠠᠯ᠄ ᠰᠤᠷᠤᠭᠴᠢᠳ ᠤᠨ ᠭᠢᠴᠢᠶᠠᠯ ᠤᠨ ᠳᠠᠩᠭᠢᠮ ᠳᠤ ᠢᠯᠡᠷᠡᠭᠦᠯᠦᠭ᠍ᠰᠡ ᠳᠦᠷᠪᠡᠨ ᠵᠣᠢ᠌ᠯ ᠤᠨ ᠪᠠᠢ᠌ᠳᠠᠯ ᠪᠣᠯᠤᠨ᠎ᠠ᠃

ᠨᠢᠭᠡ᠂ ᠣᠷᠤᠯᠴᠠᠬᠤ ᠪᠠᠢ᠌ᠳᠠᠯ

ᠣᠯᠠᠮᠵᠢᠯᠠᠯᠳᠤ ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠳᠤ᠂ ᠪᠠᠭᠰᠢ ᠨᠢ ᠠᠯᠬᠤᠮ ᠪᠦᠷᠢ ᠳᠡᠭᠡᠨ ᠣᠷᠢᠤᠠᠴᠢᠯᠠᠨ ᠪᠡᠯᠡᠳᠭᠡᠭ᠍ᠰᠡᠨ ᠵᠢᠭᠠᠬᠤ ᠶᠠᠪᠣᠴᠠ ᠪᠠᠨ ᠮᠦᠷᠳᠠᠵᠤ᠂ ᠰᠤᠷᠤᠭᠴᠢᠳ ᠨᠢ ᠭᠦᠳᠡᠯᠦᠩᠭᠦᠢ ᠪᠣᠰᠤ ᠪᠠᠢ᠌ᠷᠢᠨ ᠳᠤ ᠣᠷᠤᠰᠢᠵᠤ ᠪᠠᠢ᠌ᠳᠠᠭ᠃ ᠬᠡᠳᠦᠢ᠌ᠪᠡᠷ ᠵᠤᠭᠢᠬᠤ ᠭᠡᠮᠵᠢᠶᠡᠨ ᠤ ᠠᠵᠢᠯᠯᠠᠭ᠎ᠠ ᠠᠪᠳᠠᠭ ᠴᠤ ᠳᠡᠳᠡᠭᠡᠷ ᠨᠢ ᠴᠦᠮ ᠪᠠᠭᠰᠢ ᠶᠢᠨ ᠣᠷᠢᠤᠠᠴᠢᠯᠠᠨ ᠲᠦᠯᠦᠪᠯᠡᠭ᠍ᠰᠡᠨ ᠭᠡᠪᠴᠢᠶᠡᠨ ᠳᠤ ᠭᠢᠵᠠᠭᠠᠷᠯᠠᠭᠳᠠᠵᠤ ᠵᠢᠭᠠᠬᠤ ᠠᠯᠬᠤᠮ ᠳᠤ ᠨᠢ ᠥᠢᠯᠡᠴᠢᠯᠡᠭᠦ ᠡᠴᠠ ᠪᠢᠰᠢ ᠰᠤᠷᠤᠭᠴᠢᠳ ᠲᠤ ᠪᠠᠶ᠎ᠠ ᠪᠠᠨ ᠳᠠᠭᠠᠭᠠᠭᠰᠠᠨ ᠡᠷᠭᠡ ᠴᠢᠯᠦᠭᠡ ᠭᠡᠵᠤ ᠥᠴᠦᠭᠡᠨ ᠴᠤ ᠪᠠᠢ᠌ᠳᠠᠭ ᠦᠭᠡᠶ《ᠪᠠᠭᠰᠢ ᠡᠴᠠ ᠰᠤᠷᠬᠤ》 ᠠᠯᠪᠠ ᠶᠢ ᠯᠠ ᠭᠦᠢᠴᠡᠳᠭᠡᠳᠡᠭ᠌᠃

ᠰᠢᠨ᠎ᠡ ᠭᠢᠴᠢᠶᠡᠯᠡᠯᠭᠡ ᠶᠢᠨ ᠦᠨᠡᠯᠠᠯᠳᠠ ᠪᠣᠯ ᠪᠠᠭᠰᠢ ᠨᠢ ᠭᠡᠷᠭᠢᠨ ᠰᠤᠷᠤᠭᠴᠢᠳ ᠶᠢᠡᠨ ᠵᠢᠯᠤᠭᠤᠳᠤᠨ 《ᠭᠦᠳᠡᠯᠦᠩᠭᠦᠢ ᠪᠣᠰᠤ ᠣᠷᠤᠯᠴᠠᠬᠤᠨ》 ᠡᠴᠠ 《ᠭᠦᠳᠡᠯᠦᠩᠭᠦᠢ ᠣᠷᠤᠯᠴᠠᠬᠤᠨ》 ᠵᠥᠭ᠌ ᠰᠢᠯᠵᠢᠭᠦᠯᠵᠤ ᠪᠠᠢ᠌ᠬᠤ᠂ ᠭᠡᠷᠭᠢᠨ 《ᠪᠠᠭᠰᠢ ᠡᠴᠠ ᠰᠤᠷᠬᠤ》 ᠶᠢ ᠨᠢ 《ᠪᠢ ᠵᠠᠪᠠᠯ ᠰᠤᠷᠬᠤ》 ᠪᠣᠯᠭᠠᠨ ᠬᠤᠪᠢᠷᠠᠭᠤᠯᠵᠤ ᠪᠠᠢ᠌ᠬᠤ᠂ ᠭᠡᠷᠭᠢᠨ ᠨᠢᠭᠡᠨ ᠨᠠᠢ᠌ᠳᠠᠮ ᠶᠢᠡᠷ ᠶᠢᠡᠨ ᠣᠷᠤᠯᠴᠠᠭᠰᠠᠨ᠂ ᠢᠳᠠᠪᠭᠢᠳᠠᠢ ᠣᠷᠤᠯᠴᠠᠭᠰᠠᠨ᠂ ᠭᠦᠮᠤᠨ ᠪᠦᠭᠦᠨ ᠣᠷᠤᠯᠴᠠᠭᠰᠠᠨ ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠶᠢᠨ ᠠᠭᠤᠷ ᠠᠮᠢᠰᠬᠤᠯ ᠢ ᠪᠣᠢ ᠪᠣᠯᠭᠠᠵᠤ ᠪᠠᠢ᠌ᠬᠤ ᠶᠢ ᠥᠵᠡᠳᠡᠭ᠌᠃ ᠰᠤᠷᠤᠭᠴᠢᠳ ᠤᠨ ᠭᠦᠳᠡᠯᠦᠩᠭᠦᠢ ᠣᠷᠤᠯᠴᠠᠬᠤ ᠨᠢ ᠳᠠᠳᠠᠨᠤᠰ ᠤᠨ ᠭᠦᠳᠡᠯᠦᠩᠭᠦᠢ ᠪᠠᠷ ᠰᠠᠳᠭᠢᠵᠤ᠂ ᠢᠳᠠᠪᠭᠢᠳᠠᠢ ᠪᠠᠷ ᠵᠣᠢ᠌ᠴᠢᠯᠠᠨ ᠮᠥᠷᠳᠡᠭᠦ᠂ ᠦᠪᠡᠷ ᠤᠨ ᠳᠠᠨᠢᠯᠳᠠ᠂ ᠦᠵᠡᠯᠳᠠ᠂ ᠠᠰᠠᠭᠤᠳᠠᠯ ᠢ ᠰᠥᠪᠠᠭ᠍ᠴᠢᠯᠡᠭᠦ ᠭᠦᠰᠡᠯ ᠱᠠᠭᠠᠷᠳᠠᠯᠭ᠎ᠠ ᠪᠠᠢ᠌ᠬᠤ᠂ ᠦᠪᠡᠷ ᠤᠨ ᠰᠤᠷᠴᠤ ᠪᠠᠢ᠌ᠭ᠎ᠠ ᠮᠡᠳᠡᠯᠭᠡ ᠶᠢᠨ ᠠᠭᠤᠯᠭ᠎ᠠ ᠳᠠᠭᠠᠨ ᠶᠡᠭᠡᠳᠡ ᠳᠤᠷ᠎ᠠ ᠰᠤᠨᠢᠷᠬᠠᠯ ᠪᠠᠢ᠌ᠬᠤ ᠳᠡᠭᠡᠷ᠎ᠡ ᠢᠯᠡᠷᠡᠳᠡᠭ᠌᠃ ᠰᠤᠷᠤᠭᠴᠢᠳ ᠪᠠᠶᠠᠳᠠᠨ ᠣᠷᠤᠯᠴᠠᠬᠤ ᠪᠠᠷ ᠳᠠᠮᠵᠢᠨ ᠡᠵᠡᠨ ᠮᠡᠳᠡᠭᠦ ᠱᠠᠭᠠᠷᠳᠠᠯᠭ᠎ᠠ ᠪᠠᠨ ᠬᠠᠩᠭ᠋ᠠᠳᠠᠭ᠃ ᠭᠡᠭᠦ ᠲᠡᠭᠡᠨ ᠪᠠᠭᠰᠢ ᠡᠴᠡ ᠭᠢᠴᠢᠶᠠᠯ ᠤᠨ ᠠᠭᠤᠯᠭ᠎ᠠ ᠶᠢ ᠰᠤᠷᠤᠭᠴᠢᠳ ᠤᠨ ᠡᠳᠡᠭᠡᠷ ᠱᠠᠭᠠᠷᠳᠠᠯᠭ᠎ᠠ ᠶᠢ ᠬᠠᠩᠭ᠋ᠠᠵᠤ ᠳᠡᠢ᠌ᠯᠭᠦ ᠳᠤᠷ᠎ᠠ ᠪᠠᠬ᠎ᠠ ᠲᠡᠶ ᠵᠣᠢ᠌ᠯ ᠵᠥᠭ᠌ ᠨᠢ ᠭᠦᠳᠦᠯᠦᠭ᠍ᠰᠡᠨ ᠪᠠᠢ᠌ᠬᠤ ᠭᠡᠷᠡᠭ᠍ᠳᠡᠢ᠃

ᠬᠤᠶᠠᠷ᠂ ᠰᠤᠯᠢᠯᠴᠠᠭᠠᠨ ᠤ ᠪᠠᠢ᠌ᠳᠠᠯ

ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠳᠤ ᠠᠪᠴᠤ ᠭᠡᠯᠡᠪᠠᠯ ᠰᠤᠯᠢᠯᠴᠠᠭᠠᠨ ᠤ ᠣᠤᠠᠬ᠎ᠠ ᠰᠠᠨᠠᠭ᠎ᠠ ᠪᠣᠯ ᠭᠦᠮᠤᠨ ᠪᠦᠭᠦᠨ ᠣᠷᠤᠯᠴᠠᠬᠤ᠂ ᠡᠷᠭᠡ ᠳᠡᠭ᠍ᠰᠢ ᠶᠠᠷᠢᠯᠴᠠᠬᠤ᠂ ᠬᠠᠮᠳᠤᠷᠠᠭᠰᠠᠨ ᠠᠵᠢᠯᠯᠠᠭ᠎ᠠ ᠭᠢᠭᠦ ᠶᠢᠨ ᠪᠦᠷᠢᠯᠳᠦᠯ ᠪᠣᠯᠤᠨ᠎ᠠ᠃ ᠳᠠᠷᠠ  ᠨᠢ ᠨᠢᠭᠡᠨ ᠳᠠᠨᠢᠯᠳᠠ ᠶᠢᠨ ᠭᠦᠳᠡᠯᠭᠡᠭᠡᠨ ᠤ ᠶᠠᠪᠣᠴᠠ ᠪᠠᠷ ᠪᠠᠷᠠᠬᠤ ᠦᠭᠡᠶ ᠪᠠᠰᠠᠴᠤ ᠭᠦᠮᠤᠨ ᠭᠦᠮᠤᠨ ᠤ ᠬᠤᠭᠤᠷᠤᠠᠳᠤᠭᠢ ᠰᠠᠳᠭᠢᠴᠠ ᠶᠢᠨ ᠰᠤᠯᠢᠯᠴᠠᠭᠠᠨ ᠪᠣᠯᠬᠤ ᠶᠤᠮ᠃ ᠣᠯᠠᠮᠵᠢᠯᠠᠯᠳᠤ ᠵᠢᠭᠠᠨ ᠰᠤᠷᠭᠠᠯᠳᠠ ᠨᠢ ᠪᠠᠭᠰᠢ ᠪᠣᠯ ᠵᠢᠭᠠᠬᠤ ᠪᠠᠨ ᠬᠠᠷᠢᠭᠤᠴᠠᠵᠤ᠂ ᠰᠤᠷᠤᠭᠴᠢ ᠪᠣᠯ ᠰᠤᠷᠬᠤ ᠪᠠᠷ ᠯᠠ ᠣᠷᠤᠯᠳᠤᠳᠠᠭ ᠦᠷᠦᠭᠡᠰᠤᠨ ᠳᠠᠯ᠎ᠠ ᠶᠢᠨ ᠭᠦᠮᠦᠵᠢᠭᠦᠯᠭᠦ ᠠᠵᠢᠯᠯᠠᠭ᠎ᠠ ᠪᠣᠯᠤᠨ᠎ᠠ᠃ ᠰᠢᠨ᠎ᠡ ᠭᠢᠴᠢᠶᠡᠯᠯᠡᠭᠡ ᠶᠢᠨ ᠵᠢᠭᠠᠨ ᠰᠤᠷᠭᠠᠯᠳᠠ ᠶᠢᠨ ᠴᠢᠬᠤᠯᠠᠴᠢᠯᠠᠳᠠᠭ ᠨᠢ ᠵᠢᠭᠠᠬᠤ ᠪᠣᠯᠤᠨ ᠰᠤᠷᠬᠤ ᠶᠢᠨ ᠰᠤᠯᠢᠯᠴᠠᠭ᠎ᠠ ᠪᠠ ᠠᠭᠢᠭᠤᠯᠤᠯ᠂ ᠰᠤᠷᠤᠭᠴᠢ ᠬᠤᠭᠤᠷᠤᠠᠳᠤ ᠶᠢᠨ ᠬᠠᠷᠢᠯᠴᠠᠨ ᠠᠭᠢᠭᠤᠯᠤᠯ᠂ ᠪᠠᠭᠰᠢ ᠰᠤᠷᠤᠭᠴᠢ ᠬᠤᠭᠤᠷᠤᠠᠳᠤ ᠪᠠᠨ ᠬᠠᠷᠢᠯᠴᠠᠨ ᠨᠡᠪᠳᠡᠷᠡᠯᠴᠡᠭᠦ᠂ ᠬᠠᠷᠢᠯᠴᠠᠨ ᠣᠢ᠌ᠯᠭᠠᠯᠴᠠᠬᠤ᠂ ᠬᠠᠷᠢᠯᠴᠠᠨ ᠰᠡᠩᠭᠡᠷᠡᠭᠦᠯᠭᠦ᠂ ᠬᠠᠷᠢᠯᠴᠠᠨ ᠨᠥᠭᠦᠪᠦᠷᠢᠯᠡᠭᠦ ᠶᠠᠪᠣᠳᠠᠯ ᠪᠣᠯᠤᠨ᠎ᠠ᠃ ᠪᠠᠭᠰᠢ ᠰᠤᠷᠤᠭᠴᠢ ᠬᠠᠮᠳᠤᠪᠠᠷ ᠡᠢ᠌ᠮᠦᠷᠭᠦ ᠳᠤᠷᠰᠢᠯᠭ᠎ᠠ ᠭᠢᠭᠡᠳ ᠮᠡᠳᠡᠯᠭᠡ ᠶᠢ ᠭᠦᠷᠳᠡᠵᠤ᠂ ᠣᠷᠮ᠎ᠠ ᠰᠡᠳᠬᠢᠯᠭᠡ ᠪᠠᠨ ᠰᠤᠯᠢᠯᠴᠠᠵᠤ᠂ ᠰᠠᠷᠠᠵᠤ ᠣᠬᠠᠬᠤ ᠪᠠ ᠣᠢ᠌ᠯᠠᠭᠠᠬᠤ ᠪᠠᠷ ᠳᠠᠮᠵᠢᠨ ᠵᠢᠭᠠᠨ ᠰᠤᠷᠭᠠᠬᠤ ᠠᠭᠤᠯᠭ᠎ᠠ ᠪᠠᠨ ᠪᠠᠶᠠᠯᠢᠭᠵᠢᠭᠤᠯᠵᠤ᠂ ᠰᠢᠨ᠎ᠡ ᠭᠦᠭ᠍ᠵᠢᠯᠳᠡ ᠳᠤ ᠳᠠᠪᠰᠢᠬᠤ ᠪᠣᠯᠤᠨ᠎ᠠ᠃

ᠪᠣᠳᠠᠳᠠᠢ ᠢᠯᠠᠷᠠᠯ ᠨᠢ ᠭᠡᠪᠠᠯ᠄ ᠪᠠᠭᠰᠢ ᠨᠢ ᠣᠯᠠᠮᠵᠢᠯᠠᠭᠴᠢ ᠪᠠᠢ᠌ᠭᠰᠠᠨ ᠡᠴᠠ ᠪᠠᠨ ᠭᠦᠳᠦᠯᠦᠭ᠍ᠴᠢ᠂ ᠥᠢᠯᠡᠴᠢᠯᠡᠭ᠍ᠴᠢ ᠪᠣᠯᠵᠤ᠂ ᠭᠡᠯᠡᠵᠤ ᠰᠤᠷᠭᠠᠳᠠᠭ ᠯᠠ ᠪᠠᠢ᠌ᠭᠰᠠᠨ ᠡᠴᠠ ᠪᠠᠨ ᠠᠭᠢᠭᠤᠯᠤᠭᠴᠢ᠂ ᠵᠢᠯᠤᠭᠤᠳᠤᠭᠴᠢ ᠪᠣᠯᠵᠤ᠂ ᠰᠤᠷᠤᠭᠴᠢ ᠪᠦᠭᠦᠨ ᠢ ᠭᠦᠡᠳᠦᠳᠭᠡᠵᠤ᠂ ᠰᠤᠷᠤᠭᠴᠢ ᠪᠦᠭᠦᠨ ᠢ ᠮᠠᠭᠳᠠᠨ ᠰᠠᠢ᠌ᠰᠢᠶᠠᠬᠤ ᠶᠢ ᠡᠷᠭᠢᠮᠯᠡᠨ᠎ᠡ᠃ ᠰᠤᠷᠤᠭᠴᠢ ᠨᠢ ᠪᠣᠰᠤᠳ ᠲᠡᠶ ᠬᠠᠮᠳᠤᠷᠠᠨ ᠭᠦᠷᠴᠤ ᠴᠢᠳᠠᠬᠣᠢ᠌ᠴᠠ ᠬᠠᠷᠠᠯᠳᠠ ᠪᠠᠨ ᠳᠤᠭᠳᠠᠭᠠᠵᠤ ᠴᠢᠳᠠᠬᠤ ᠪᠦᠭᠡᠳ ᠴᠢᠷᠮᠠᠢ᠌ᠨ ᠪᠠᠶᠡᠯᠡᠭᠦᠯᠵᠤ ᠴᠢᠳᠠᠬᠤ᠂ ᠦᠪᠡᠷ ᠤᠨ ᠠᠵᠢᠯᠯᠠᠭ᠎ᠠ ᠪᠠᠨ ᠥᠨᠡᠯᠡᠭᠦ ᠪᠣᠶᠤ ᠭᠢᠵᠠᠭᠠᠷᠯᠠᠵᠤ ᠴᠢᠳᠠᠬᠤ᠂ ᠡᠯ᠎ᠡ ᠲᠦᠷᠦᠯ ᠤᠨ ᠨᠠᠪᠳᠠᠷᠠᠯᠴᠠᠯ ᠪᠠ ᠰᠤᠯᠢᠯᠴᠠᠭᠠᠨ ᠤ ᠠᠷᠭ᠎ᠠ ᠮᠠᠶ‍ᠢᠭ ᠢ ᠭᠡᠷᠡᠭᠯᠡᠵᠤ ᠡᠷᠭᠡ ᠳᠡᠭ᠍ᠰᠢ᠂ ᠬᠠᠮᠳᠤᠷᠠᠭᠰᠠᠨ᠂ ᠰᠥᠪᠠᠭ᠍ᠴᠢᠯᠡᠭ᠍ᠰᠡᠨ ᠰᠤᠷᠤᠯᠴᠠᠬᠤ ᠣᠷᠴᠢᠨ ᠳᠤᠭᠤᠷᠢᠨ ᠢ ᠪᠣᠢ ᠪᠣᠯᠭᠠᠬᠤ ᠶᠢ ᠡᠷᠭᠢᠮᠯᠡᠨ᠎ᠡ᠃

ᠭᠤᠷᠪᠠ᠂ ᠰᠠᠳᠭᠢᠴᠠ ᠶᠢᠨ ᠪᠠᠢ᠌ᠳᠠᠯ

ᠰᠤᠷᠤᠭᠴᠢᠳ ᠤᠨ ᠰᠤᠷᠤᠯᠴᠠᠬᠤ ᠣᠷᠮ᠎ᠠ ᠪᠠᠬ᠎ᠠ ᠶᠢ ᠭᠦᠭ᠍ᠵᠢᠭᠡᠭᠦ ᠳᠤ᠂ ᠭᠠᠳᠠᠭᠠᠳᠤ ᠣᠷᠴᠢᠨ ᠤ ᠨᠥᠭᠦᠴᠡᠯ ᠢ ᠣᠮᠳᠠᠭᠠᠢ᠌ᠯᠠᠵᠤ ᠪᠣᠯᠬᠤ ᠦᠭᠡᠶ ᠶᠤᠮ᠃ ᠰᠤᠷᠤᠭᠴᠢᠳ ᠤᠨ ᠣᠭ ᠤᠨ ᠪᠠᠢ᠌ᠭᠰᠠᠨ ᠮᠡᠳᠡᠯᠭᠡ ᠶᠢᠨ ᠪᠦᠳᠦᠴᠡ ᠨᠢ ᠭᠠᠳᠠᠭᠠᠳᠤ ᠣᠷᠴᠢᠨ ᠤ ᠰᠠᠳᠠᠯᠳᠠ ᠶᠢ ᠣᠯᠬᠤ ᠦᠭᠡᠶ ᠦᠶᠡᠰ ᠲᠡᠩᠴᠡᠬᠦᠷᠢᠰᠢᠯ ᠪᠣᠶᠤ ᠨᠠᠮᠵᠢᠭᠤᠨ ᠪᠠᠢ᠌ᠳᠠᠯ ᠶᠢᠡᠨ ᠬᠠᠳᠠᠭᠠᠯᠠᠵᠤ ᠪᠠᠢ᠌ᠳᠠᠭ᠃ ᠵᠥᠪᠭᠡᠨ ᠭᠠᠳᠠᠭᠠᠳᠤ ᠵᠢᠭᠠᠨ ᠰᠤᠷᠭᠠᠯᠳᠠ ᠶᠢᠨ ᠰᠠᠳᠠᠯᠳᠠ ᠶᠢ ᠣᠯᠬᠤ ᠦᠶᠡᠰ ᠳᠠᠷᠠ ᠨᠢ ᠰᠠ‍‌ᠶᠢ ᠢᠳᠠᠪᠭᠢᠳᠠᠢ ᠴᠤᠪᠣᠭᠤ ᠳᠡᠭ᠍ᠵᠢᠨ ᠪᠠᠢ᠌ᠳᠠᠯ ᠳᠤ ᠰᠢᠯᠵᠢᠳᠡᠭ᠌᠃ ᠰᠢᠨ᠎ᠡ ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠶᠢᠨ ᠦᠨᠡᠯᠠᠯᠳᠠ ᠳᠤ ᠪᠠᠭᠰᠢ ᠨᠡᠷ ᠨᠢ ᠰᠢᠭᠤᠳ ᠠᠵᠢᠭᠯᠠᠬᠤ ᠵᠢᠭᠠᠬᠤ ᠪᠠᠭᠠᠵᠢ ᠪᠣᠯᠤᠨ ᠣᠳᠤᠭᠢᠴᠢᠯᠠᠭᠰᠠᠨ ᠵᠢᠭᠠᠬᠤ ᠠᠷᠭ᠎ᠠ ᠮᠠᠶ‍ᠢᠭ ᠢ ᠭᠦᠢᠴᠡᠳ ᠠᠰᠢᠭᠯᠠᠵᠤ ᠰᠤᠷᠤᠭᠴᠢᠳ ᠤᠨ ᠰᠤᠨᠢᠷᠬᠠᠯ ᠢ ᠳᠠᠳᠠᠵᠤ ᠪᠠᠢ᠌ᠬᠤ ᠡᠰᠡᠭᠦ᠂ ᠰᠤᠷᠤᠭᠴᠢᠳ ᠤᠨ ᠰᠠᠳᠭᠢᠴᠠ ᠶᠢᠨ ᠲᠦᠯᠤ ᠶᠢ ᠦᠷᠪᠢᠰᠦᠭᠦᠯᠵᠤ ᠴᠢᠳᠠᠨ ᠰᠠᠳᠭᠢᠴᠠ ᠶᠢᠨ ᠡᠭᠦᠳᠦᠯᠳᠡ ᠶᠢᠨ ᠭᠢᠵᠠᠭᠠᠷ ᠦᠭᠡᠶ ᠴᠢᠯᠦᠭᠡᠳᠤ ᠣᠭᠳᠠᠷᠭᠤᠢ ᠶᠢ ᠨᠢ ᠨᠡᠭᠡᠭᠡᠨ ᠥᠭ᠍ᠴᠤ ᠪᠠᠢ᠌ᠬᠤ ᠡᠰᠡᠭᠦ᠂ ᠰᠤᠷᠤᠭᠴᠢᠳ ᠤᠨ ᠰᠠᠳᠭᠢᠴᠠ ᠶᠢᠨ ᠣᠷᠮ᠎ᠠ ᠪᠠᠬ᠎ᠠ ᠶᠢ ᠭᠦᠭ᠍ᠵᠢᠭᠡᠵᠤ ᠳᠠᠳᠠᠨᠤᠰ ᠢ ᠵᠤᠷᠢᠭᠵᠢᠭᠤᠯᠤᠨ ᠬᠠᠭᠤᠴᠢᠨ ᠵᠤᠷᠰᠢᠯ ᠢ ᠡᠪᠳᠡᠭᠦᠯᠵᠤ᠂ ᠰᠢᠨ᠎ᠡ ᠣᠢ᠌ᠯᠠᠭᠠᠭᠳᠠᠬᠤᠨ ᠵᠢᠱᠢᠯᠳᠠ ᠶᠢ ᠢᠯᠡᠷᠡᠭᠦᠯᠭᠦ ᠪᠠᠷ ᠳᠠᠮᠵᠢᠨ ᠰᠢᠨ᠎ᠡ ᠶᠢ ᠡᠭᠦᠳᠭᠦ ᠭᠦᠳᠡᠯᠭᠡᠭᠦ ᠭᠦᠴᠤᠨ ᠢ ᠠᠭᠢᠭᠤᠯᠵᠤ᠂ ᠣᠷᠢᠳᠤ ᠡᠮᠤᠨ᠎ᠡ ᠪᠠᠢ᠌ᠭ᠎ᠠ ᠦᠭᠡᠶ ᠰᠠᠳᠭᠢᠴᠠ ᠶᠢᠨ ᠦᠷ᠎ᠡ ᠪᠦᠳᠦᠭᠡᠯ ᠢ ᠡᠭᠦᠳᠴᠤ᠂ ᠰᠤᠷᠤᠭᠴᠢᠳ ᠤᠨ ᠣᠠᠳᠤᠤ ᠶᠢ ᠡᠷᠢᠯᠭᠢᠯᠡᠭᠦ ᠰᠠᠳᠭᠢᠴᠠ ᠶᠢ ᠭᠦᠮᠦᠵᠢᠭᠦᠯᠭᠦ ᠵᠤᠷᠢᠯᠭ᠎ᠠ ᠳᠠᠭᠠᠨ ᠭᠦᠷᠴᠤ ᠳᠠᠢ᠌ᠯᠵᠤ ᠪᠠᠢ᠌ᠬᠤ ᠡᠰᠡᠭᠦ ᠶᠢ ᠥᠵᠡᠳᠡᠭ᠌᠃

ᠪᠣᠳᠠᠳᠠᠢ ᠢᠯᠠᠷᠠᠯ ᠨᠢ᠄ ᠰᠤᠷᠤᠭᠴᠢᠳ ᠤᠨ ᠰᠠᠳᠭᠢᠴᠠ ᠨᠢ ᠭᠦᠭ᠍ᠵᠢᠭ᠍ᠳᠡᠵᠤ ᠪᠠᠢ᠌ᠬᠤ ᠡᠰᠡᠭᠦ ᠰᠤᠷᠤᠭᠴᠢᠳ ᠤᠨ ᠰᠢᠨ᠎ᠡ ᠶᠢ ᠡᠭᠦᠳᠭᠦ ᠰᠠᠳᠭᠢᠴᠠ ᠳᠤ ᠬᠠᠩᠭ᠋ᠠᠮᠵᠢᠳᠠᠢ ᠴᠢᠯᠦᠭᠡ ᠵᠠᠢ ᠶᠢ ᠥᠯᠡᠳᠡᠭᠡᠨ ᠥᠭ᠍ᠴᠤ ᠪᠠᠢ᠌ᠬᠤ ᠡᠰᠡᠭᠦ ᠰᠤᠷᠤᠭᠴᠢᠳ ᠤᠨ ᠣᠶᠤᠨ ᠤ ᠳᠠᠯᠳᠠ ᠴᠢᠳᠠᠪᠣᠷᠢ ᠨᠢ ᠢᠯᠠᠷᠠᠨ ᠭᠠᠷᠴᠤ ᠪᠠᠢ᠌ᠬᠤ ᠡᠰᠡᠭᠦ ᠦᠪᠡᠷ ᠤᠨ ᠡᠭᠦᠳᠦᠯᠳᠡ ᠪᠦᠭᠦᠢ ᠦᠵᠡᠯᠳᠠ ᠪᠠᠢ᠌ᠬᠤ ᠡᠰᠡᠭᠦ ᠰᠤᠷᠤᠭᠴᠢᠳ ᠰᠡᠵᠢᠭ᠌ ᠳᠤᠷᠠᠳᠴᠤ ᠪᠠᠢ᠌ᠬᠤ ᠡᠰᠡᠭᠦ ᠦᠪᠡᠷᠮᠢᠴᠠ ᠵᠠᠩ ᠨᠢ ᠢᠯᠡᠷᠡᠭᠦᠯᠦᠯᠳᠡ ᠣᠯᠤᠭᠰᠠᠨ ᠡᠰᠡᠭᠦ ᠵᠡᠷᠭᠡ ᠪᠣᠯᠤᠨ᠎ᠠ᠃

ᠳᠦᠷᠪᠠ᠂ ᠰᠤᠷᠴᠤ ᠳᠡᠭᠡᠭ᠍ᠰᠢᠯᠡᠭ᠍ᠰᠡᠨ ᠪᠠᠢ᠌ᠳᠠᠯ

ᠰᠤᠷᠤᠭᠴᠢᠳ ᠤᠨ ᠦᠪᠡᠷᠮᠢᠴᠠ ᠵᠠᠩ ᠪᠣᠯ ᠬᠠᠷᠢᠯᠴᠠᠨ ᠢᠯᠭᠠᠭ᠎ᠠ ᠲᠡᠶ ᠪᠠᠢ᠌ᠳᠠᠭ ᠶᠤᠮ᠃ ᠰᠠᠳᠭᠢᠴᠠ ᠶᠢᠨ ᠣᠯᠠᠩᠭᠢ ᠡᠯᠧᠮᠧᠨ᠋ᠲ ᠨᠢ ᠪᠠᠰᠠ ᠭᠦᠭ᠍ᠵᠢᠯᠳᠡ ᠪᠠᠷ ᠳᠡᠭ᠍ᠰᠢ ᠪᠣᠰᠤ ᠪᠠᠢ᠌ᠳᠠᠭ ᠶᠤᠮ᠃ ᠡᠢ᠌ᠮᠤ ᠡᠴᠡ ᠪᠠᠭᠰᠢ ᠵᠠᠪᠠᠯ ᠰᠤᠷᠤᠭᠴᠢᠳ ᠤᠨ ᠡᠳᠡᠭᠡᠷ ᠢᠯᠭᠠᠭ᠎ᠠ ᠭᠢᠭᠡᠳ ᠳᠡᠭ᠍ᠰᠢ ᠪᠣᠰᠤ ᠳᠤ ᠴᠢᠭᠯᠡᠭᠦᠯᠵᠤ᠂ ᠳᠠᠳᠠᠨᠤᠰ ᠲᠤ ᠡᠯ᠎ᠡ ᠳᠠᠰ ᠤᠨ ᠳᠠᠪᠬᠤᠷᠭ᠎ᠠ ᠪᠠᠢ᠌ᠭᠤᠯᠵᠤ ᠦᠭ‍ᠭᠦ ᠭᠡᠷᠡᠭ᠍ᠳᠡᠢ᠃ ᠳᠠᠷᠤᠢ ᠡᠯ᠎ᠡ ᠲᠦᠷᠦᠯ ᠤᠨ ᠰᠤᠷᠤᠭᠴᠢᠳ ᠲᠤ ᠴᠦᠮ ᠦᠪᠡᠷ ᠢ ᠪᠠᠨ ᠢᠯᠡᠷᠡᠭᠦᠯᠵᠤ ᠴᠢᠳᠠᠬᠤ᠂ ᠦᠪᠡᠷᠮᠢᠴᠠ ᠴᠢᠨᠠᠷ ᠶᠢᠡᠨ ᠳᠤᠪᠣᠢ᠌ᠯᠭᠠᠵᠤ ᠴᠢᠳᠠᠬᠤ ᠲᠤᠬᠢᠶᠠᠯ ᠢ ᠣᠯᠭᠤᠵᠤ᠂ ᠰᠤᠷᠤᠭᠴᠢᠳ ᠤᠨ ᠳᠤᠷ᠎ᠠ ᠪᠠᠬ᠎ᠠ᠂ ᠣᠷᠮ᠎ᠠ ᠰᠡᠳᠬᠢᠯᠭᠡ᠂ ᠦᠪᠡᠷᠮᠢᠴᠠ ᠵᠠᠩ ᠭᠢᠭᠡᠳ ᠳᠠᠯᠳᠠ ᠴᠢᠳᠠᠪᠣᠷᠢ ᠶᠢ ᠨᠢ ᠨᠡᠭᠡᠭᠡᠨ ᠭᠦᠭ᠍ᠵᠢᠭᠦᠯᠤᠨ᠎ᠡ᠃

《ᠰᠤᠷᠬᠤ ᠪᠠᠷ ᠵᠢᠭᠠᠬᠤ ᠶᠢ ᠥᠨᠡᠯᠡᠭᠦ》 ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠶᠢᠨ ᠦᠨᠡᠯᠠᠯᠳᠠ ᠶᠢᠨ ᠨᠠᠩ ᠴᠢᠬᠤᠯᠠᠴᠢᠯᠠᠳᠠᠭ ᠨᠢ ᠰᠤᠷᠤᠭᠴᠢᠳ ᠤᠨ ᠭᠢᠴᠢᠶᠠᠯ ᠤᠨ ᠳᠢᠩᠭᠢᠮ ᠳᠤ ᠶᠠᠭᠤ ᠭᠢᠭ᠍ᠰᠡᠨ᠂ ᠶᠠᠭᠤ ᠭᠡᠯᠡᠭ᠍ᠰᠡᠨ᠂ ᠶᠠᠭᠤ ᠪᠣᠳᠤᠭᠰᠠᠨ᠂ ᠶᠠᠭᠤ ᠰᠤᠷᠤᠭᠰᠠᠨ ᠪᠣᠯᠤᠨ ᠶᠠᠭᠤ ᠣᠬᠠᠭᠰᠠᠨ ᠵᠡᠷᠭᠡ ᠪᠣᠯᠤᠨ᠎ᠠ᠃ ᠪᠠᠭᠰᠢ ᠵᠥᠪᠭᠡᠨ ᠰᠤᠷᠤᠭᠴᠢᠳ ᠲᠤ ᠭᠦᠷᠦᠯᠴᠡᠭᠦᠢᠴᠡ ᠪᠠᠶ᠎ᠠ ᠪᠠᠨ ᠳᠠᠭᠠᠭᠠᠵᠤ ᠰᠤᠳᠤᠯᠵᠤ ᠰᠥᠪᠠᠭ᠍ᠴᠢᠯᠡᠭᠦ ᠵᠠᠪᠰᠢᠶᠠᠨ ᠢ ᠣᠯᠭᠤᠳᠠᠭ ᠯᠠ ᠶᠤᠮ ᠪᠣᠯ ᠭᠢᠴᠢᠶᠠᠯ ᠤᠨ ᠳᠠᠩᠭᠢᠮ ᠨᠢ ᠰᠠ‍‌ᠶᠢ ᠭᠦᠢᠴᠡᠳ ᠭᠦᠭ᠍ᠵᠢᠯᠳᠡ ᠲᠡᠶ ᠪᠣᠯᠵᠤ ᠴᠢᠳᠠᠬᠤ ᠨᠢᠭᠡᠨ ᠰᠠᠢ᠌ᠨ ᠭᠢᠴᠢᠶᠡᠯᠯᠡᠭᠡ᠂ ᠰᠤᠷᠤᠭᠴᠢᠳ ᠨᠢ ᠰᠠᠢ᠌ᠨ ᠰᠤᠷᠤᠭᠰᠠᠨ ᠭᠢᠴᠢᠶᠡᠯᠯᠡᠭᠡ ᠪᠣᠯᠬᠤ ᠶᠤᠮ᠃

《ᠰᠤᠷᠬᠤ ᠪᠠᠷ ᠵᠢᠭᠠᠬᠤ ᠶᠢ ᠥᠨᠡᠯᠡᠭᠦ》 ᠨᠢ ᠪᠠᠭᠰᠢ ᠶᠢᠨ ᠭᠢᠴᠢᠶᠠᠯ ᠪᠡᠯᠡᠳᠭᠡᠭᠦ᠂ ᠭᠢᠴᠢᠶᠠᠯ ᠣᠷᠤᠬᠤ᠂ ᠭᠢᠴᠢᠶᠠᠯ ᠥᠨᠡᠯᠡᠭᠦ ᠳᠤ ᠭᠦᠢᠴᠡᠳ ᠦᠨᠳᠦᠰᠦᠯᠠᠯ ᠢ ᠣᠯᠭᠤᠵᠤ ᠦᠭ‍ᠭᠦᠭ᠍ᠰᠡᠨ ᠶᠢᠡᠷ ᠪᠠᠷᠠᠬᠤ ᠦᠭᠡᠶ ᠪᠠᠭᠰᠢ ᠨᠡᠷ ᠨᠢ ᠰᠤᠷᠤᠭᠴᠢᠳ ᠤᠨ ᠬᠠᠷᠢᠭᠤ ᠳᠤᠰᠬᠠᠯ ᠤᠨ ᠮᠡᠳᠡᠭᠡ ᠵᠠᠩᠭᠢ ᠶᠢ ᠣᠯᠠᠮ ᠭᠦᠡᠳᠦᠳᠭᠡᠨ᠂ ᠵᠢᠭᠠᠨ ᠰᠤᠷᠭᠠᠬᠤ ᠭᠡᠯᠪᠠᠷᠢ᠂ ᠠᠷᠭ᠎ᠠ ᠮᠠᠶ‍ᠢᠭ ᠲᠠᠭᠠᠨ ᠴᠠᠭ ᠳᠤᠬᠠᠢ ᠳ᠋ᠤᠨᠢ ᠳᠤᠭᠢᠷᠠᠭᠤᠯᠤᠯᠳᠠ ᠭᠢᠵᠤ᠂ ᠰᠤᠷᠤᠭᠴᠢᠳ ᠢ ᠳᠤᠷᠠᠳᠠᠢ ᠰᠤᠷᠬᠤ᠂ ᠰᠤᠷᠴᠤ ᠴᠢᠳᠠᠬᠤ᠂ ᠰᠠᠢ᠌ᠨ ᠰᠤᠷᠬᠤ ᠪᠣᠯᠭᠠᠵᠤ᠂ ᠰᠤᠷᠤᠯᠴᠠᠬᠤ ᠢᠳᠠᠪᠭᠢᠵᠢᠯ ᠳ᠋ᠤᠨᠢ ᠭᠦᠢᠴᠡᠳ ᠭᠦᠭ᠍ᠵᠢᠯᠳᠡ ᠶᠢ ᠣᠯᠭᠤᠵᠤ ᠦᠭ‍ᠭᠦ ᠪᠣᠯᠤᠨ᠎ᠠ᠃


ᠵᠤᠬᠢᠶᠠᠭᠴᠢ ᠶᠢᠨ ᠬᠠᠶ‍ᠢᠭ ᠄ ᠪᠠᠭᠠᠷᠢᠨ ᠪᠠᠷᠠᠭᠤᠨ ᠬᠤᠰᠢᠭᠤ

ᠵᠤᠬᠢᠶᠠᠭᠴᠢ᠄ ᠪᠠᠭᠠᠷᠢᠨ‍ᠴᠢᠮᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3076
ᠴᠠᠭ᠄ 2010 ᠤᠨ ᠤ 03 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ