ᠨᠡᠪᠲᠡᠷᠡᠨ ᠤᠷᠤᠬᠤ
ᠭᠡᠴᠡᠭᠦᠤ ᠮᠤᠩᠭ᠋ᠤᠯ

ᠬᠤᠷᠳᠤᠨ ᠭᠠᠪᠰᠢᠭᠠᠢ ᠭᠦᠯᠦᠭ᠌ ᠮᠤᠷᠢ ᠪᠠᠨ ᠣᠨᠤᠴᠢᠬᠠᠪᠠᠯ

ᠭᠦᠷᠦᠰᠦᠳᠤ ᠳᠡᠯᠡᠭᠡᠢ ᠶᠢᠨ ᠬᠠᠮᠢᠭ᠎ᠠ ᠨᠢ ᠴᠤ ᠭᠦᠷᠴᠢᠭᠡᠳᠡᠭ᠌ ᠭᠡᠴᠡᠭᠦᠤ ᠮᠤᠩᠭ᠋ᠤᠯ

ᠭᠦᠷᠭᠦ ᠭᠠᠵᠠᠷ ᠣᠴᠢᠬᠤ ᠴᠢᠭ᠌ ᠶᠢᠡᠨ ᠰᠤᠩᠭ᠋ᠤᠴᠢᠬᠠᠪᠠᠯ

ᠬᠤᠢ ᠰᠠᠯᠭᠢ ᠰᠢᠭ᠌ ᠳᠠᠪᠭᠢᠭᠠᠤᠨ ᠣᠴᠢᠴᠢᠬᠠᠳᠠᠭ ᠭᠡᠴᠡᠭᠦᠤ ᠮᠤᠩᠭ᠋ᠤᠯ


ᠣᠮᠠᠷᠠᠳᠤ ᠶᠢᠨ ᠨᠡᠭᠦᠳᠡᠯᠴᠢᠨ ᠤ ᠠᠢ᠌ᠬᠤᠪᠳᠤᠷ ᠡᠮᠦᠨᠡᠳᠤ ᠶᠢᠨ ᠲᠦᠷᠦ ᠶᠢ ᠰᠥᠷᠳᠡᠭᠦᠯᠵᠤ

ᠣᠷᠳᠤ ᠬᠠᠰᠢᠯᠭ᠎ᠠ ᠴᠠᠭᠠᠨ ᠭᠡᠷᠡᠮ ᠪᠠᠷᠢᠭᠤᠯᠤᠭᠰᠠᠨ ᠭᠡᠴᠡᠭᠦᠤ ᠮᠤᠩᠭ᠋ᠤᠯ

ᠭᠡᠷᠡᠮ ᠪᠠᠷᠢᠪᠠᠴᠤ ᠭᠦᠮᠤᠨ ᠭᠦᠯᠦᠭ᠌ ᠨᠢ ᠶᠠᠷᠤ ᠡᠴᠠ ᠬᠠᠰᠢᠭᠳᠠᠭ᠎ᠠ ᠥᠭᠡᠢ

ᠬᠠᠭᠠᠭᠳᠠᠮᠠᠯ ᠵᠠᠮ ᠢ ᠨᠡᠭᠡᠭᠡᠵᠤ ᠡᠮᠦᠨ᠎ᠡ ᠣᠮᠠᠷ᠎ᠠ ᠶᠢ ᠶᠠᠪᠣᠯᠴᠠᠭᠤᠯᠤᠭᠰᠠᠨ ᠭᠡᠴᠡᠭᠦᠤ ᠮᠤᠩᠭ᠋ᠤᠯ

ᠨᠠᠷᠠᠳᠤ ᠶᠢᠨ ᠠᠮᠢᠰᠬᠤᠯ ᠪᠠᠢ᠌ᠭᠠᠯᠢ ᠶᠢᠨ ᠵᠦᠢ᠌ ᠳᠤ ᠵᠤᠭᠢᠴᠠᠭᠤᠯᠵᠤ

ᠨᠡᠭᠦᠳᠡᠯᠯᠡᠨ ᠣᠳᠤᠷᠯᠠᠵᠤ ᠪᠠᠯᠴᠢᠭᠡᠷ ᠰᠡᠯᠭᠦᠨ ᠮᠠᠯ ᠶᠢᠡᠨ ᠥᠰᠭᠡᠳᠡᠭ᠌ ᠭᠡᠴᠡᠭᠦᠤ ᠮᠤᠩᠭ᠋ᠤᠯ

ᠨᠤᠳᠤᠭ ᠶᠢᠡᠨ ᠬᠠᠯᠬᠠᠯᠠᠳᠠᠭ ᠭᠡᠷᠡᠮᠳᠤ ᠭᠡᠷ ᠲᠤ ᠰᠠᠭᠤᠳᠠᠭ ᠥᠭᠡᠢ

ᠨᠤᠭᠤᠭᠠᠨ ᠰᠠᠯᠭᠢᠳᠤ ᠭᠡᠭᠡᠷ᠎ᠡ ᠶᠢᠨ ᠣᠷᠴᠢᠨ ᠳᠤ ᠰᠤᠷᠳᠤᠭᠤ ᠲᠡᠶ ᠠᠮᠢᠳᠤᠷᠠᠳᠠᠭ ᠭᠡᠴᠡᠭᠦᠤ ᠮᠤᠩᠭ᠋ᠤᠯ

ᠭᠤᠪᠢ ᠭᠦᠡᠳᠡᠢ ᠠᠭᠤᠯᠠ ᠳᠠᠯ᠎ᠠ ᠡᠯᠡᠰᠤ ᠣᠢ

ᠭᠠᠵᠠᠷ ᠤᠨ ᠠᠭᠤᠳᠠᠮ ᠪᠠᠢ᠌ᠭᠠᠯᠢ ᠶᠢᠨ ᠰᠠᠢ᠌ᠬᠠᠨ ᠢ ᠡᠵᠡᠯᠡᠵᠤ ᠶᠠᠪᠣᠭᠰᠠᠨ ᠭᠡᠴᠡᠭᠦᠤ ᠮᠤᠩᠭ᠋ᠤᠯ

ᠭᠤᠤᠯ ᠭᠤᠷᠤᠬ᠎ᠠ ᠮᠦᠷᠠᠨ ᠳᠠᠯᠠᠢ ᠨᠠᠭᠤᠷ ᠪᠣᠯᠠᠭ

ᠭᠠᠩᠳᠠᠰᠢ ᠦᠭᠡᠶ ᠰᠢᠮᠠᠳᠤ ᠷᠠᠰᠢᠶᠠᠨ ᠣᠰᠤ ᠪᠠᠨ ᠳᠠᠭᠠᠳᠠᠭ ᠭᠡᠴᠡᠭᠦᠤ ᠮᠤᠩᠭ᠋ᠤᠯ


ᠳᠡᠮᠡᠭᠡ ᠢᠮᠠᠭ᠎ᠠ ᠥᠭᠡᠷ ᠬᠤᠨᠢ ᠠᠳᠤᠭᠤ ᠭᠡᠵᠤ

ᠳᠡᠭ᠍ᠷᠢ ᠡᠴᠠ ᠰᠤᠶᠤᠷᠬᠠᠭᠰᠠᠨ ᠳᠠᠪᠤᠨ ᠬᠤᠰᠢᠭᠤ ᠮᠠᠯ ᠲᠡᠶ ᠭᠡᠴᠡᠭᠦᠤ ᠮᠤᠩᠭ᠋ᠤᠯ

ᠳᠠᠷᠠᠭ ᠠᠢ᠌ᠷᠠᠭ ᠰᠥ᠋ ᠴᠡᠭᠡ ᠮᠢᠬ᠎ᠠ ᠭᠡᠵᠤ

ᠳᠠᠩᠰᠤᠭ ᠠᠮᠳᠠᠳᠤ ᠮᠠᠯ ᠤᠨ ᠰᠢᠮ᠎ᠠ ᠪᠠᠨ ᠭᠠᠢ᠌ᠬᠠᠭᠤᠯᠤᠭᠰᠠᠨ ᠭᠡᠴᠡᠭᠦᠤ ᠮᠤᠩᠭ᠋ᠤᠯ


ᠬᠠᠮᠢᠭᠠᠰᠢ ᠪᠠᠨ ᠨᠡᠭᠦᠭᠦ ᠳᠤ ᠵᠠᠳᠠᠯᠪᠠᠯ ᠳᠡᠭᠡᠭᠡᠴᠢᠭᠦ ᠨᠡᠢ᠌ᠯᠡᠭᠦᠯᠪᠠᠯ ᠪᠣᠰᠬᠠᠴᠢᠬᠠᠬᠤ

ᠬᠦᠩᠭᠡᠨ ᠡᠪᠯᠢᠭ᠌ ᠬᠤᠪᠢᠯᠭᠠᠨ ᠴᠠᠭᠠᠨ ᠢᠰᠡᠭᠡᠢ ᠭᠡᠷ ᠲᠡᠶ ᠭᠡᠴᠡᠭᠦᠤ ᠮᠤᠩᠭ᠋ᠤᠯ

ᠭᠦᠯᠦᠭᠡᠳ ᠭᠠᠷᠪᠠᠯ ᠳᠠᠤᠯᠠᠢ ᠶᠢ ᠭᠦᠷᠳᠡᠯ᠎ᠡ ᠭᠦᠭᠡᠭᠡᠭᠡᠳ ᠭᠦᠢᠴᠡᠴᠢᠭᠡᠳᠡᠭ᠌

ᠬᠠᠤᠯᠢ ᠦᠨᠡᠨ ᠤ ᠭᠤᠤᠯ ᠶᠢᠡᠷ ᠨᠢ ᠵᠠᠮᠨᠠᠳᠠᠭ ᠥᠭᠡᠷ ᠳᠡᠷᠭᠡ ᠲᠡᠶ ᠭᠡᠴᠡᠭᠦᠤ ᠮᠤᠩᠭ᠋ᠤᠯ

ᠴᠡᠷᠢᠭ᠌ ᠳᠠᠢ᠌ᠨ ᠠᠮᠢᠳᠤᠷᠠᠯ ᠳᠤᠮᠳᠠ ᠠᠮᠢᠨ ᠬᠤᠯᠪᠣᠭ᠎ᠠ ᠨᠢ ᠪᠣᠯᠳᠠᠭ

ᠴᠠᠭᠢᠯᠭᠠᠨ ᠭᠦᠶ‍ᠦᠳᠡᠯᠳᠤ ᠭᠦᠯᠦᠭ᠌ ᠮᠤᠷᠢᠳ ᠲᠡᠶ ᠭᠡᠴᠡᠭᠦᠤ ᠮᠤᠩᠭ᠋ᠤᠯ

ᠠᠯᠠᠯᠳᠤᠨ ᠪᠠᠢ᠌ᠯᠳᠤᠬᠤ ᠳᠤ ᠬᠤᠭᠤᠷᠠᠵᠤ ᠮᠢᠯᠠᠷᠠᠬᠤ ᠶᠢ ᠮᠡᠳᠡᠳᠡᠭ᠌ ᠥᠭᠡᠢ

ᠠᠯᠮᠠᠩ ᠰᠠᠷᠠ ᠰᠢᠭ ᠮᠠᠭᠢᠷ ᠰᠠᠯᠠᠮ᠎ᠠ ᠪᠠᠷ ᠶᠢᠡᠨ ᠢᠯᠠᠳᠠᠭ ᠭᠡᠴᠡᠭᠦᠤ ᠮᠤᠩᠭ᠋ᠤᠯ

ᠠᠮᠤ ᠭᠦᠨᠡᠰᠤ ᠪᠠᠨ ᠠᠩ ᠭᠦᠷᠦᠭᠡ ᠮᠠᠯ ᠤᠨ ᠰᠢᠮ᠎ᠠ ᠬᠠᠭᠤᠷᠠᠢ ᠠᠮᠤ ᠭᠡᠭ᠍ᠴᠢ

ᠠᠯᠢ ᠰᠠᠢ᠌ᠨ ᠰᠢᠮᠠᠳᠤ ᠵᠣᠢ᠌ᠯ ᠶᠢᠡᠷ ᠭᠤᠤᠯᠯᠠᠭᠤᠯᠵᠤ ᠪᠠᠢ᠌ᠭᠰᠠᠨ ᠭᠡᠴᠡᠭᠦᠤ ᠮᠤᠩᠭ᠋ᠤᠯ

ᠡᠮᠦᠰᠴᠤ ᠵᠡᠭᠦᠭᠦ ᠨᠢ ᠠᠷᠠᠰᠤ ᠰᠢᠷᠢ ᠨᠤᠤᠰᠤᠨ ᠪᠦᠳᠦᠭᠡᠯ ᠮᠠᠩᠨᠤᠭ ᠭᠡᠭ᠍ᠴᠢ

ᠣᠯᠠᠷᠢᠯ ᠳᠤ ᠵᠤᠭᠢᠴᠠᠭᠰᠠᠨ ᠣᠠᠴᠠᠯᠢᠭᠳᠤ ᠬᠤᠪᠴᠠᠰᠤ ᠪᠠᠷ ᠴᠢᠮᠡᠭᠯᠡᠵᠤ ᠶᠠᠪᠣᠳᠠᠭ ᠭᠡᠴᠡᠭᠦᠤ ᠮᠤᠩᠭ᠋ᠤᠯ


ᠠᠮᠤᠰᠭᠢᠵᠤ ᠭᠡᠪᠳᠡᠭᠦ ᠳᠡᠭᠡᠨ ᠠᠳᠠᠰᠬ᠎ᠠ ᠰᠢᠷᠳᠡᠭ᠌ ᠢᠰᠡᠭᠡᠢ ᠭᠡᠪᠢᠰ ᠭᠡᠭ᠍ᠴᠢ

ᠴᠢᠭᠢᠭ᠌ ᠨᠣᠢ᠌ᠳᠠᠨ ᠡᠴᠠ ᠰᠡᠷᠭᠡᠢ᠌ᠯᠡᠵᠤ ᠴᠢᠳᠠᠳᠠᠭ ᠴᠢᠨᠠᠷᠳᠤ ᠡᠳ᠋ ᠳᠡᠪᠢᠰᠳᠡᠭ᠌ ᠭᠡᠴᠡᠭᠦᠤ ᠮᠤᠩᠭ᠋ᠤᠯ

ᠠᠴᠢᠶ᠎ᠠ ᠪᠠᠨ ᠳᠠᠳᠠᠵᠤ ᠠᠳᠤᠭᠤ ᠮᠠᠯ ᠶᠢᠡᠨ ᠣᠶᠠᠬᠤ ᠳᠤ ᠰᠤᠯᠠᠷᠠᠬᠤ ᠥᠭᠡᠢ

ᠴᠢᠨᠠᠷᠯᠢᠭ ᠪᠦᠭᠡ ᠰᠤᠷᠤᠨ ᠳᠠᠳᠠᠯᠠᠭ᠎ᠠ ᠭᠢᠯᠭᠠᠰᠤᠨ ᠳᠡᠭᠡᠰᠤ ᠵᠠᠷᠤᠳᠠᠭ ᠭᠡᠴᠡᠭᠦᠤ ᠮᠤᠩᠭ᠋ᠤᠯ


《ᠣᠤᠭᠤᠭᠰᠠᠨ ᠣᠰᠤ ᠷᠠᠰᠢᠶᠠᠨ ᠣᠨᠠᠭᠰᠠᠨ ᠰᠢᠷᠤᠢ ᠠᠯᠳᠠ》 ᠭᠡᠵᠤ

ᠣᠤᠭᠠᠯ ᠨᠤᠳᠤᠭ ᠶᠢᠡᠨ ᠥᠮᠴᠢᠯᠡᠭᠦ ᠡᠴᠠ ᠪᠢᠰᠢ ᠠᠯᠳᠠᠳᠠᠭ ᠦᠭᠡᠶ ᠭᠡᠴᠡᠭᠦᠤ ᠮᠤᠩᠭ᠋ᠤᠯ

ᠡᠷᠳᠡ ᠣᠭ ᠡᠴᠠ ᠪᠠᠨ ᠳᠡᠭ᠍ᠷᠢ ᠭᠠᠵᠠᠷ ᠭᠦᠮᠤᠨ ᠭᠤᠷᠪᠠ ᠶᠢ ᠵᠤᠭᠢᠴᠠᠭᠤᠯᠬᠤ

ᠦᠪᠡᠷ ᠤᠨ ᠰᠢᠳᠦᠭᠡᠨ ᠪᠦᠭᠡ ᠮᠥᠷᠭᠦᠯ ᠲᠡᠶ ᠪᠠᠢ᠌ᠭᠰᠠᠨ ᠭᠡᠴᠡᠭᠦᠤ ᠮᠤᠩᠭ᠋ᠤᠯ

ᠭᠦᠷᠰᠢ ᠣᠯᠤᠰ ᠠᠯᠠᠯᠳᠤᠵᠤ ᠠᠢ᠌ᠮᠠᠭ ᠪᠦᠯᠦᠭ᠌ ᠵᠦᠷᠢᠴᠠᠯᠳᠤᠵᠤ ᠪᠠᠢ᠌ᠭᠰᠠᠨ ᠦᠶ᠎ᠡ

ᠭᠦᠷᠡᠩ ᠨᠦᠵᠢ ᠶᠢ ᠪᠠᠵᠠᠵᠤ ᠳᠦᠷᠦᠭ᠍ᠰᠡᠨ ᠳᠠᠮᠤᠵᠢᠨ ᠲᠡᠶ ᠪᠣᠯᠤᠭᠰᠠᠨ ᠭᠡᠴᠡᠭᠦᠤ ᠮᠤᠩᠭ᠋ᠤᠯ

ᠭᠦᠴᠦᠷᠭᠡᠭ᠌ ᠨᠢ ᠪᠠᠭᠤᠷᠠᠢ ᠪᠠᠨ ᠵᠠᠯᠭᠢᠵᠤ ᠭᠦᠮᠤᠨ ᠠᠷᠠᠤᠨ ᠭᠠᠰᠠᠯᠵᠤ ᠪᠠᠢ᠌ᠭᠰᠠᠨ ᠴᠠᠭ

ᠭᠦᠪᠴᠢᠨ ᠳᠡᠯᠡᠭᠡᠢ ᠶᠢ ᠬᠤᠮᠢᠨ ᠵᠠᠰᠠᠬᠤ ᠴᠢᠩᠭᠢᠰ ᠬᠠᠭᠠᠨ ᠲᠡᠶ ᠪᠣᠯᠴᠢᠬᠠᠭᠰᠠᠨ ᠭᠡᠴᠡᠭᠦᠤ ᠮᠤᠩᠭ᠋ᠤᠯ


ᠶᠠᠰᠤᠳᠠᠨ ᠮᠤᠩᠭ᠋ᠤᠯ ᠤᠨ ᠶᠢᠡᠨ ᠰᠦᠷ ᠭᠡᠢ᠌ᠮᠦᠷᠢ ᠶᠢ ᠬᠤᠷᠣᠢ᠌ᠯᠠᠭᠰᠠᠨ

ᠶ‍ᠢᠰᠤᠨ ᠭᠦᠭᠦᠯᠳᠤ ᠬᠠᠷ᠎ᠠ ᠴᠠᠭᠠᠨ ᠰᠦᠯᠳᠡ ᠲᠡᠶ ᠭᠡᠴᠡᠭᠦᠤ ᠮᠤᠩᠭ᠋ᠤᠯ

ᠢᠪᠠᠭᠡᠯᠳᠤ ᠪᠠᠢ᠌ᠭᠠᠯᠢ ᠶᠢᠨ ᠶᠢᠡᠨ ᠨᠠᠪᠳᠠᠭ ᠰᠠᠪᠳᠠᠭ ᠢ ᠪᠠᠶᠠᠰᠬᠠᠳᠠᠭ

ᠢᠷᠦᠭᠡᠯᠳᠤ ᠲᠦᠮᠡᠨ ᠤ ᠶᠡᠭᠡ ᠴᠤᠭᠯᠠᠭᠠᠨ ᠣᠪᠣᠭᠠᠨ ᠳᠠᠭᠢᠯᠭ᠎ᠠ ᠲᠡᠶ ᠭᠡᠴᠡᠭᠦᠤ ᠮᠤᠩᠭ᠋ᠤᠯ

ᠦᠪᠡᠷ ᠤᠨ ᠵᠠᠭᠤᠷ᠎ᠠ ᠪᠠᠨ ᠨᠢᠭᠳᠠᠷᠠᠬᠤ ᠣᠬᠠᠭᠠᠨ ᠢ ᠨᠢ ᠵᠢᠭᠠᠭᠰᠠᠨ

ᠦᠷᠯᠦᠭ᠌ ᠡᠭᠡ ᠶᠢᠨ 《ᠳᠠᠪᠤᠨ ᠮᠦᠰᠤ》 ᠶᠢᠨ ᠰᠤᠷᠭᠠᠯ ᠢ ᠴᠡᠭᠡᠵᠢᠯᠡᠳᠡᠭ᠌ ᠭᠡᠴᠡᠭᠦᠤ ᠮᠤᠩᠭ᠋ᠤᠯ

ᠡᠭᠦᠰᠦᠯ ᠣᠭᠰᠠᠭ᠎ᠠ ᠠᠢ᠌ᠮᠠᠭ ᠲᠦᠷᠦᠯ ᠶᠢᠡᠨ ᠳᠠᠨᠢᠵᠤ

ᠡᠪᠦᠭᠡ ᠳᠡᠭᠡᠳᠦᠰ ᠠᠬᠠᠰ ᠵᠠᠬᠠᠰ ᠶᠢᠡᠨ ᠭᠦᠡᠳᠦᠳᠭᠡᠵᠤ ᠶᠠᠪᠣᠳᠠᠭ ᠭᠡᠴᠡᠭᠦᠤ ᠮᠤᠩᠭ᠋ᠤᠯ

ᠮᠤᠩᠭ᠋ᠤᠯ ᠲᠦᠷᠦ ᠶᠢᠨ ᠶᠡᠭᠡ ᠡᠵᠡᠨ ᠴᠢᠩᠭᠢᠰ ᠬᠠᠭᠠᠨ ᠨᠢ

ᠮᠤᠷᠢᠨ ᠨᠢᠷᠤᠭᠤᠨ᠎ᠠ ᠳᠤᠮᠳᠠᠳᠤ ᠶᠢᠨ ᠶᠡᠭᠡ ᠨᠤᠳᠤᠭ ᠢ ᠳᠤᠭᠳᠠᠭᠠᠭᠰᠠᠨ ᠳᠡᠦᠭᠡ ᠲᠡᠶ ᠭᠡᠴᠡᠭᠦᠤ ᠮᠤᠩᠭ᠋ᠤᠯ

ᠮᠠᠠᠳᠤᠭᠰᠠᠨ ᠲᠦᠷᠦ ᠶᠡᠭᠡ ᠶᠤᠸᠠᠨ ᠤ ᠬᠤᠪᠢᠯᠠᠢ ᠬᠠᠭᠠᠨ ᠨᠢ

ᠮᠠᠨ ᠤ ᠦᠨᠦᠳᠤᠷ ᠤᠨ ᠪᠠᠭᠡᠵᠢᠩ ᠢ ᠨᠠᠢ᠌ᠰᠯᠠᠯ ᠪᠣᠯᠭᠠᠨ ᠪᠠᠢ᠌ᠭᠤᠯᠤᠭᠰᠠᠨ ᠳᠡᠦᠭᠡ ᠲᠡᠶ ᠭᠡᠴᠡᠭᠦᠤ ᠮᠤᠩᠭ᠋ᠤᠯ

ᠡᠵᠡᠨ ᠴᠢᠩᠭᠢᠰ ᠤᠨ ᠦᠶ᠎ᠡ ᠡᠴᠠ ᠡᠭᠢᠯᠡᠵᠤ ᠭᠡᠷᠡᠭᠯᠡᠭ᠍ᠳᠡᠭ᠍ᠰᠡᠨ

ᠡᠭᠡᠰᠢᠭ᠌ ᠭᠡᠢ᠌ᠭᠦᠯᠦᠭ᠍ᠴᠢ ᠵᠤᠭᠢᠴᠠᠭᠰᠠᠨ ᠣᠢ᠌ᠭᠤᠷᠵᠢᠨ ᠪᠣᠰᠤᠭ᠎ᠠ ᠥᠰᠦᠭ᠌ ᠲᠡᠶ ᠭᠡᠴᠡᠭᠦᠤ ᠮᠤᠩᠭ᠋ᠤᠯ

ᠠᠷᠪᠠᠨ ᠭᠤᠷᠪᠠᠳᠤᠭᠠᠷ ᠵᠠᠭᠤᠨ᠎ᠠ ᠭᠤᠴᠢᠨ ᠳᠦᠷᠪᠡᠨ ᠵᠢᠯ ᠪᠢᠴᠢᠭ᠍ᠰᠡᠨ

ᠠᠪᠣᠷᠭᠤ ᠵᠤᠬᠢᠶᠠᠯ ᠭᠠᠢ᠌ᠬᠠᠮᠰᠢᠭᠳᠤ ᠳᠡᠦᠭᠡ 《ᠨᠢᠭᠤᠴᠠ ᠳᠤᠪᠴᠢᠶᠠᠨ》 ᠲᠡᠶ ᠭᠡᠴᠡᠭᠦᠤ ᠮᠤᠩᠭ᠋ᠤᠯ

ᠦᠷᠯᠦᠭ᠌ ᠴᠢᠩᠭᠢᠰ ᠨᠢ ᠣᠢ᠌ᠭᠤᠷ ᠤᠨ ᠳᠠᠳᠠᠳᠤᠩᠭ᠎ᠠ ᠶᠢ ᠵᠠᠯᠠᠵᠤ

ᠦᠷ᠎ᠡ ᠬᠣᠢ᠌ᠴᠢᠰ ᠲᠠᠭᠠᠨ ᠪᠢᠴᠢᠭ᠌ ᠰᠤᠷᠭᠠᠭᠰᠠᠨ ᠳᠡᠦᠭᠡ ᠲᠡᠶ ᠭᠡᠴᠡᠭᠦᠤ ᠮᠤᠩᠭ᠋ᠤᠯ

ᠬᠤᠪᠢᠯᠠᠢ ᠬᠠᠭᠠᠨ ᠨᠢ ᠶᠤᠤ ᠱᠤ ᠶᠢᠨ ᠰᠠᠨᠠᠭᠤᠯᠭ᠎ᠠ ᠶᠢ ᠦᠨᠡᠮᠰᠢᠵᠤ

ᠬᠤᠳᠠ ᠳᠠᠢ᠌ᠳᠤ ᠳᠠᠭᠠᠨ ᠣᠯᠤᠰ ᠤᠨ ᠰᠤᠷᠭᠠᠭᠤᠯᠢ ᠪᠠᠢ᠌ᠭᠤᠯᠤᠭᠰᠠᠨ ᠳᠡᠦᠭᠡ ᠲᠡᠶ ᠭᠡᠴᠡᠭᠦᠤ ᠮᠤᠩᠭ᠋ᠤᠯ

ᠪᠠᠶ᠎ᠠ ᠶᠢᠨ ᠴᠢᠭᠢᠷᠠᠭ ᠣᠬᠠᠭᠠᠨ ᠤ ᠬᠤᠷᠴᠠ ᠶᠢ ᠪᠣᠯᠪᠠᠰᠤᠷᠠᠭᠤᠯᠳᠠᠭ

ᠪᠦᠭᠡ᠂ ᠮᠤᠷᠢ᠂ ᠰᠤᠷ ᠡᠷ᠎ᠡ ᠶᠢᠨ ᠭᠤᠷᠪᠠᠨ ᠨᠠᠭᠠᠳᠤᠮ ᠲᠡᠶ ᠭᠡᠴᠡᠭᠦᠤ ᠮᠤᠩᠭ᠋ᠤᠯ

ᠪᠦᠭᠦᠳᠡ ᠣᠯᠠᠨ ᠤ ᠨᠠᠢ᠌ᠷ ᠨᠠᠭᠠᠳᠤᠮ ᠳᠤ ᠣᠷᠮ᠎ᠠ ᠶᠢ ᠨᠢ ᠭᠦᠭ᠍ᠵᠢᠭᠡᠳᠡᠭ᠌

ᠪᠦᠵᠢᠭᠯᠡᠭᠦ᠂ ᠳᠠᠭᠤᠯᠬᠤ᠂ ᠭᠦᠭ᠍ᠵᠢᠮᠳᠡᠭᠦ ᠦᠪᠡᠷ ᠤᠨ ᠣᠠᠴᠠᠯᠢᠭᠳᠤ ᠣᠷᠠᠯᠢᠭ ᠲᠡᠶ ᠭᠡᠴᠡᠭᠦᠤ ᠮᠤᠩᠭ᠋ᠤᠯ

ᠠᠰ ᠲᠠᠭᠠᠨ ᠭᠡᠯᠡ ᠲᠡᠶ ᠣᠯᠠᠨ ᠦᠨᠳᠦᠰᠦᠳᠠᠨ ᠢ ᠬᠤᠷᠢᠶᠠᠨ ᠨᠢᠭᠡᠳᠭᠡᠵᠤ

ᠠᠷᠪᠠᠳᠤ ᠵᠠᠭᠤᠳᠤ ᠮᠢᠩᠭ᠋ᠠᠳᠤ ᠶᠢᠨ ᠡᠷᠭᠡ ᠶᠢ ᠦᠪᠡᠷ ᠶᠢᠡᠨ ᠯᠠ ᠪᠠᠷᠢᠳᠠᠭ ᠭᠡᠴᠡᠭᠦᠤ ᠮᠤᠩᠭ᠋ᠤᠯ

ᠠᠽᠢᠶ᠎ᠠ ᠧᠥᠷᠦᠫᠡ ᠶᠢᠨ ᠶᠡᠭᠡ ᠭᠠᠵᠠᠷ ᠢ ᠠᠭᠳᠠ ᠶᠢᠨ ᠵᠢᠯᠤᠭᠤᠨ ᠳᠠᠭᠠᠨ ᠬᠤᠮᠢᠵᠤ

ᠠᠯᠳᠠᠨ ᠳᠡᠯᠡᠭᠡᠢ ᠶᠢ ᠳᠤᠩᠰᠤᠯᠭᠠᠵᠤ ᠶᠠᠪᠣᠭᠰᠠᠨ ᠭᠠᠢ᠌ᠬᠠᠮᠰᠢᠭᠳᠤ ᠳᠡᠦᠭᠡ ᠲᠡᠶ ᠭᠡᠴᠡᠭᠦᠤ ᠮᠤᠩᠭ᠋ᠤᠯ


ᠬᠤᠷᠸ᠎ᠠ ᠶ‍ᠢᠷᠳᠢᠠᠴᠤ ᠶᠢ ᠵᠠᠰᠠᠨ ᠵᠢᠷᠤᠮᠵᠢᠭᠤᠯᠬᠤ 《ᠶᠡᠭᠡ ᠵᠠᠰᠠᠭ》 ᠲᠡᠶ ᠪᠠᠢ᠌ᠭᠰᠠᠨ ᠭᠡᠴᠡᠭᠦᠤ ᠮᠤᠩᠭ᠋ᠤᠯ

ᠭᠦᠮᠤᠨ ᠲᠦᠷᠦᠯᠭᠢᠳᠠᠨ ᠳᠤ ᠠᠯᠢ ᠣᠯᠠᠨ ᠪᠣᠯᠪᠠᠰᠤᠨ ᠢ ᠡᠭᠦᠳᠦᠭ᠍ᠰᠡᠨ ᠭᠠᠪᠢᠶ᠎ᠠ ᠲᠡᠶ ᠭᠡᠴᠡᠭᠦᠤ ᠮᠤᠩᠭ᠋ᠤᠯ

ᠬᠠᠭᠠᠨ ᠴᠢᠩᠭᠢᠰ ᠡᠴᠠ ᠯᠢᠭ᠍ᠳᠡᠨ ᠳᠤ ᠭᠦᠷᠳᠡᠯ᠎ᠡ ᠭᠤᠴᠢᠨ ᠵᠢᠷᠭᠤᠭᠠᠨ ᠬᠠᠭᠠᠨ ᠲᠡᠶ ᠶᠠᠪᠣᠭᠰᠠᠨ ᠭᠡᠴᠡᠭᠦᠤ ᠮᠤᠩᠭ᠋ᠤᠯ

ᠬᠠᠭᠠᠨ ᠲᠦᠷᠦ ᠪᠠᠨ ᠳᠦᠷᠪᠡᠨ ᠵᠠᠭᠤᠨ ᠬᠤᠷᠢᠨ ᠨᠢ᠋ᠮᠠᠨ ᠵᠢᠯ ᠣᠷᠳᠤ ᠦᠷᠭᠦᠯᠵᠢᠯᠡᠭᠦᠯᠦᠭ᠍ᠰᠡᠨ ᠭᠡᠴᠡᠭᠦᠤ ᠮᠤᠩᠭ᠋ᠤᠯ ᠡ ︕


ᠦᠪᠡᠷ ᠤᠨ ᠳᠡᠭᠦᠪᠦᠷᠢ ᠡᠴᠠ


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2632
ᠴᠠᠭ᠄ 2010 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ