☆ ᠰᠤ᠋·ᠦᠨᠡᠠᠴᠢ
ᠵᠢᠭ᠍ᠵᠢᠳᠮᠡ
ᠪᠣᠯᠵᠤᠭ᠎ᠠ ᠪᠠᠷ ᠪᠢᠰᠢ ᠢᠷᠦᠭᠡᠯ ᠶᠢᠡᠷ ᠣᠴᠠᠷᠠᠭᠰᠠᠨ
ᠪᠣᠯᠪᠠᠷᠠᠢ ᠭᠦᠭᠡᠷᠦᠭᠦᠨ ᠦᠬᠢᠨ ᠴᠢᠮ᠎ᠠ ᠳ᠋ᠤ
ᠪᠣᠳᠤᠯ ᠶᠢᠡᠷ ᠪᠢᠰᠢ ᠢᠳᠡᠭᠡᠯ ᠶᠢᠡᠷ ᠣᠶᠠᠷᠠᠭᠰᠠᠨ
ᠪᠣᠯᠭᠢᠯᠠᠬᠤ ᠵᠢᠷᠦᠭᠡᠨ ᠤ ᠬᠠᠢ᠌ᠷ᠎ᠠ ᠶᠢ ᠰᠢᠪᠠᠨᠠᠨᠠᠮ
ᠬᠠᠩᠭᠢᠨ ᠨᠤᠳᠤᠭ ᠤᠨ ᠰᠦᠨᠢ ᠶᠢᠨ ᠠᠭᠠᠷ
ᠬᠠᠩᠭᠢᠨᠠᠮ᠎ᠠ ᠡᠭᠡᠰᠢᠭ᠌ ᠲᠤ ᠣᠶᠠᠰᠤᠭᠠᠤᠨ ᠪᠠᠢ᠌ᠯ᠎ᠠ
ᠬᠠᠷᠢ ᠬᠤᠰᠢᠭᠤᠨ ᠤ ᠦᠬᠢᠨ ᠴᠢᠮ᠎ᠠ ᠵᠢ
ᠬᠠᠢ᠌ᠷᠠᠯᠠᠬᠤ ᠰᠡᠳᠭᠢᠯ ᠳᠦᠷᠦᠭ᠍ᠳᠡᠭᠡᠳ ᠪᠠᠢ᠌ᠯ᠎ᠠ
ᠰᠠᠷᠠᠨ ᠠᠪᠠᠬᠠᠢ ᠰᠢᠭ ᠭᠤᠶᠤᠮᠰᠤᠭ ᠦᠭᠡᠶ ᠴᠤ
ᠰᠠᠢ᠌ᠬᠠᠨ ᠠᠭᠠᠯᠢᠨ ᠳᠤ ᠴᠢᠨᠢ ᠪᠢ ᠰᠤᠭᠳᠤᠭᠤᠷᠠᠪᠠ
ᠰᠠᠷᠭᠠᠢ ᠶᠢᠨ ᠦᠨᠦᠷᠳᠠᠢ ᠰᠦᠨᠢ ᠶᠢᠨ ᠥᠳᠡᠰᠢᠯᠡᠭᠡ ᠳᠡᠭᠡᠷ᠎ᠡ
ᠰᠠᠨᠠᠭ᠎ᠠ ᠰᠡᠳᠭᠢᠯ ᠮᠢᠨᠢ ᠳᠡᠩᠳᠡᠭᠦᠤ ᠳᠤᠭᠳᠤᠯᠪᠠ
ᠨᠠᠢ᠌ᠷ ᠦᠨᠳᠦᠷᠯᠠᠵᠤ ᠵᠤᠴᠢᠨ ᠳᠠᠷᠬᠠᠬᠤ ᠪᠠᠷ
ᠨᠠᠭᠠᠳᠤᠮ ᠤᠨ ᠳᠠᠯᠠᠪᠠᠢ ᠡᠴᠡ ᠴᠢ ᠶᠠᠪᠣᠴᠢᠬᠠᠯ᠎ᠠ
ᠨᠠᠷᠭᠢᠬᠤ ᠵᠠᠪᠰᠢᠶᠠᠨ ᠳᠠᠩᠴᠢ ᠬᠤᠮᠰᠠᠳᠠᠭᠰᠠᠨ ᠡᠴᠡ
ᠨᠠᠠᠳᠢᠨ ᠰᠡᠳᠭᠢᠯ ᠮᠢᠨᠢ ᠳᠤᠮᠳᠠᠭᠤᠷᠬᠠᠨ ᠬᠤᠴᠤᠷᠤᠯ᠎ᠠ
ᠣᠷᠠᠭᠳᠠᠬᠤ ᠰᠢᠬᠠᠭᠰᠠᠨ ᠳᠡᠮᠳᠡᠭᠯᠡᠯ ᠤᠨ ᠳᠠᠪᠳᠠᠷ ᠲᠤ ᠮᠢᠨᠢ
ᠣᠳᠠᠰᠤᠨ ᠨᠤᠮᠸᠷ ᠶᠢᠡᠨ ᠥᠯᠡᠳᠡᠭᠡᠵᠤ ᠦᠭᠭᠦᠭ᠍ᠰᠡᠨ
ᠣᠳᠤᠭ ᠤᠨ ᠡᠮᠦᠨᠡᠳᠤ ᠶᠢᠨ ᠳᠡᠭ᠍ᠵᠢᠨ ᠦᠬᠢᠨ
ᠣᠰᠬᠠᠯ ᠨᠢᠳᠤᠨ ᠳᠤ ᠮᠢᠨᠢ ᠳᠤᠳᠤᠷᠠᠭᠠᠤᠨ ᠪᠠᠢ᠌ᠬᠤ ᠶᠤᠮ
ᠣᠶᠠᠩᠭ᠋ᠠᠳᠤ ᠭᠦᠭ᠍ᠵᠢᠮ ᠤᠨ ᠠᠶ᠎ᠠ ᠶᠢ ᠳᠠᠭᠠᠵᠤ
ᠣᠯᠢᠶᠠᠷᠬᠠᠭ ᠴᠢᠮ᠎ᠠ ᠶᠢ ᠳᠠᠪᠠᠷᠢᠵᠤ ᠪᠦᠵᠢᠭᠯᠡᠭ᠍ᠰᠡᠨ
ᠣᠬᠤᠷᠬᠠᠨ ᠰᠦᠨᠢ ᠶᠢᠨ ᠪᠠᠶᠠᠷᠳᠤ ᠮᠦᠴᠡ
ᠣᠭᠤᠷᠠᠭ ᠳᠠᠷᠢᠭᠢᠨ ᠳᠤ ᠮᠢᠨᠢ ᠪᠣᠳᠤᠭᠳᠠᠭᠠᠤᠨ ᠪᠠᠢ᠌ᠬᠤ ᠶᠤᠮ
ᠳᠤᠷᠠᠯᠠᠵᠤ ᠳᠤᠭᠳᠤᠯᠤᠭᠰᠠᠨ ᠪᠣᠳᠤᠯ ᠤᠨ ᠬᠠᠷᠭᠤᠢ ᠳ᠋ᠤ
ᠳᠤᠷᠮᠤᠭᠤᠷ ᠨᠢᠳᠤ ᠴᠢᠨᠢ ᠰᠢᠯ ᠲᠡᠶ ᠪᠠᠨ ᠦᠯᠠᠳᠠᠯ᠎ᠠ
ᠳᠤᠷᠠᠰᠴᠤ ᠮᠥᠷᠦᠭᠡᠳᠦᠭ᠍ᠰᠡᠨ ᠰᠡᠳᠭᠢᠯ ᠤᠨ ᠵᠥᠷᠢᠭ᠌ ᠳᠤ
ᠳᠤᠷᠤᠨ᠎ᠠ ᠨᠠᠷᠠ ᠴᠢᠨᠢ ᠮᠦᠰᠢᠶᠠᠳᠤ ᠲᠡᠶ ᠪᠠᠨ ᠬᠤᠴᠤᠷᠤᠯ᠎ᠠ
ᠴᠠᠰᠤ ᠬᠠᠶᠠᠯᠠᠭᠰᠠᠨ ᠡᠪᠦᠯ ᠤᠨ ᠰᠦᠨᠢ
ᠴᠢᠮ᠎ᠠ ᠲᠡᠶ ᠣᠴᠠᠷᠠᠵᠤ ᠳᠠᠨᠢᠯᠴᠠᠭᠰᠠᠨ ᠶᠤᠮ
ᠠᠭᠢ ᠥᠶᠡᠯᠵᠡᠭ᠍ᠰᠡᠨ ᠬᠠᠪᠣᠷ ᠤᠨ ᠣᠶᠠᠬᠠᠨ ᠳ᠋ᠤ
ᠠᠭᠢᠭᠠᠤᠨ ᠠᠭᠤᠯᠵᠠᠬᠤ ᠢᠷᠦᠭᠡᠯ ᠲᠡᠶ ᠴᠤ ᠪᠣᠯᠤᠭᠠᠰᠠᠢ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤ
ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ