ᠨᠡᠪᠲᠡᠷᠡᠨ ᠤᠷᠤᠬᠤ
ᠭᠠᠯ

ᠪᠢ

ᠭᠠᠵᠠᠷ ᠤᠨ ᠬᠠᠯᠠᠭᠤᠨ ᠠᠮᠢᠰᠬᠤᠭ᠎ᠠ

ᠭᠠᠯ ᠤᠨ ᠣᠩᠭ᠋ᠤᠨ ᠲᠦᠯᠦ

ᠭᠠᠭᠴᠠᠬᠠᠨ ᠮᠤᠩᠭ᠋ᠤᠯ ᠳᠠᠭᠠᠨ ᠰᠢᠩᠭᠡᠭᠦ

ᠨᠡᠭᠦᠷᠡᠰᠤᠨ ᠤ ᠦᠨᠦᠴᠢᠨ ᠡᠷᠦᠳᠡᠰᠤ

ᠬᠠᠳᠠᠭᠤ ᠪᠦᠭᠦᠨ ᠢ ᠣᠶᠠᠰᠬᠠᠵᠤ

ᠬᠠᠷᠠᠩᠭ᠋ᠤᠢ ᠪᠦᠭᠦᠨ ᠢ ᠭᠡᠭᠡᠷᠡᠭᠦᠯᠵᠤ

ᠬᠠᠷ᠎ᠠ ᠪᠦᠭᠦᠨ ᠢ ᠴᠠᠢ᠌ᠯᠭᠠᠵᠤ

ᠬᠠᠪᠢᠷᠭᠠᠨ ᠰᠠᠷᠠ ᠶᠢ ᠳᠡᠷᠭᠡᠯᠰᠢᠭᠦᠯᠭᠦ

ᠭᠠᠯ ᠤᠨ ᠥᠷᠦᠪᠴᠢᠭᠡᠨ ᠢᠯᠴᠢ

ᠨᠣᠢ᠌ᠷᠮᠤᠭᠯᠠᠵᠤ

ᠨᠥᠮᠵᠦᠭ᠌ ᠪᠣᠷᠤ ᠳᠤᠯᠤᠭᠠᠤᠨ ᠶᠢᠡᠨ ᠳᠦᠰᠢᠭ᠍ᠰᠡᠨ

ᠨᠡᠭᠦᠳᠡᠯ ᠣᠯᠠᠨ

ᠠᠮᠢᠳᠤᠷᠠᠯ ᠤᠨ ᠶᠢᠡᠨ ᠭᠠᠯ

ᠨᠤᠮᠤᠨ ᠭᠡᠯᠪᠠᠷᠢ ᠪᠠᠷ ᠬᠠᠪᠢᠷᠭᠠᠯᠠᠭᠰᠠᠨ

ᠨᠤᠷᠮ᠎ᠠ ᠬᠠᠯᠠᠭᠤᠨ ᠡᠯᠡᠰᠤᠨ ᠳᠠᠩ ᠤᠨ

ᠢᠯᠴᠢᠨ ᠤ ᠭᠢᠨᠢ ᠣᠢ᠌ᠯᠠᠪᠣᠷᠢ

ᠰᠢᠳᠠᠬᠤ ᠳᠠᠭᠠᠨ ᠰᠢᠳᠠᠵᠤ

ᠰᠥᠨᠦᠭᠦ ᠳᠡᠭᠡᠨ ᠰᠥᠨᠦᠭᠦ

ᠰᠡᠷᠢᠭᠦᠭᠡᠨ ᠥᠡᠳᠦᠷᠯᠢᠭ᠌ ᠤᠨ ᠳᠤᠮᠤᠭ᠃

ᠣᠷᠴᠢᠯᠠᠩ ᠤᠨ ᠵᠢᠮ᠎ᠠ ᠳᠠᠭᠠᠵᠤ

ᠦᠪᠡᠷ ᠲᠡᠭᠡᠨ

ᠣᠭᠰᠠᠭ᠎ᠠ ᠳᠠᠭᠠᠨ

ᠦᠨᠳᠠᠢ᠌ᠵᠤ ᠮᠥᠯᠭᠦᠭ᠍ᠰᠡᠨ ᠭᠠᠵᠠᠷ ᠰᠢᠷᠤᠢ ᠳᠠᠭᠠᠨ

ᠣᠰᠤᠯ ᠦᠭᠡᠶ ᠶᠠᠪᠣᠬᠤ ᠶᠢᠨ ᠢᠳᠡᠭᠡᠯ ᠳᠠᠷᠬᠠᠯᠠᠵᠤ

ᠠᠷᠪᠠᠨ ᠬᠤᠷᠤᠭᠠᠨ ᠤ ᠭᠠᠠᠵᠤᠭ᠎ᠠ ᠮᠢᠯᠢᠶᠠᠭᠰᠠᠨ

ᠦᠷᠦ ᠵᠥᠭᠡᠯᠡᠨ ᠡᠵᠢ ᠭᠦᠮᠤᠨ ᠤ

ᠬᠠᠢ᠌ᠷ᠎ᠠ ᠶᠢᠨ ᠭᠠᠯ

ᠰᠠᠷᠠ ᠠᠭᠤᠰᠤᠨ ᠬᠤᠨᠤᠵᠤ

ᠨᠠᠷᠠ ᠥᠳᠡᠯᠡᠭᠡᠤᠨ ᠭᠠᠷᠳᠠᠭ

ᠰᠠᠢ᠌ᠬᠠᠨ ᠮᠤᠩᠭ᠋ᠤᠯ ᠭᠡᠷ ᠤᠨ

ᠳᠦᠯ ᠳᠣᠢ᠌ᠭᠯᠠᠵᠤ

ᠰᠥ᠋ ᠭᠦᠭᠡᠷᠦᠭᠦᠯᠦᠭ᠍ᠰᠡᠨ ᠠᠮᠢᠳᠤᠷᠠᠯ

ᠰᠢᠷᠭᠠᠯᠬᠠᠨ ᠠᠶ᠎ᠠ ᠪᠠᠷ ᠣᠶᠠᠩᠭ᠋ᠠᠷᠠᠬᠤ

ᠠᠯᠳᠠᠩᠬᠠᠨ ᠨᠠᠮᠤᠷ ᠤᠨ

ᠣᠳᠤᠳ ᠴᠥᠷᠭᠦᠯᠡᠨ ᠪᠠᠭᠤᠭᠰᠠᠨ

ᠣᠳᠤᠷ ᠤᠨ ᠳᠤᠯᠭᠠᠨ ᠭᠠᠯ

ᠵᠢᠩ ᠤᠨ ᠠᠶᠠᠨ ᠶᠢᠡᠨ

ᠵᠠᠮ ᠳᠠᠭᠠᠨ ᠥᠳᠡᠯᠡᠭ᠍ᠰᠡᠨ

ᠳᠤᠯᠭ᠎ᠠ ᠶᠢᠨ ᠭᠤᠷᠪᠠᠨ ᠴᠢᠯᠠᠭᠤ

ᠡᠷᠭᠦᠨ᠎ᠡ ᠬᠤᠨ ᠤ ᠪᠠᠷᠭᠡ ᠶᠢᠨ ᠪᠠᠷᠭᠡ ᠶᠢ ᠣᠷᠤᠰᠬᠠᠵᠤ

ᠡᠭᠡ ᠪᠠᠢ᠌ᠭᠠᠯᠢ ᠳᠠᠭᠠᠨ ᠡᠷᠭᠢᠵᠤ ᠪᠣᠴᠠᠭᠰᠠᠨ

ᠳᠡᠦᠭᠡ ᠶᠢᠨ ᠭᠠᠯ

ᠠᠯᠳᠠᠢ ᠶᠢᠨ ᠦᠨᠳᠦᠷ ᠠᠭᠤᠯᠠᠰ ᠤᠨ

ᠭᠠᠯ ᠮᠠᠨᠠᠨ ᠪᠣᠳᠤᠯ

ᠣᠨᠠᠭᠰᠠᠨ ᠭᠠᠵᠠᠷ ᠡᠴᠡ ᠪᠠᠨ ᠦᠪᠡᠷ ᠶᠢᠡᠨ ᠪᠣᠰᠳᠠᠭ

ᠠᠪᠣ ᠭᠦᠮᠤᠨ ᠤ ᠠᠷᠠᠠᠰᠢᠨ

ᠪᠠᠭᠠᠳᠤᠷ ᠮᠤᠩᠭ᠋ᠤᠯ ᠳᠠᠭᠠᠨ ᠮᠥᠩᠭᠡᠷᠡᠭᠦ

ᠳᠤᠯᠭ᠎ᠠ ᠶᠢᠨ ᠪᠣᠭᠤᠷᠤᠯ ᠭᠠᠯ

ᠪᠠᠶᠠᠨ ᠪᠠᠢ᠌ᠭᠠᠯᠢ ᠳ᠋ᠤᠨᠢ ᠠᠭᠤᠰᠬᠤ

ᠠᠷᠭᠠᠯ ᠤᠨ ᠴᠡᠩᠭᠡᠷ ᠣᠳᠤᠭ᠎ᠠ᠃

ᠮᠠᠠᠵᠤ ᠨᠠᠩᠭᠢᠶᠠᠤᠨ ᠤᠨ

ᠨᠢᠭᠤᠴᠠ ᠪᠠᠰᠢᠷ ᠢ ᠳᠠᠨᠢᠵᠤ

ᠨᠠᠷᠠ ᠳᠠᠩᠭᠢᠯ ᠭᠤᠯᠤᠮᠳᠠ ᠳᠠᠷᠬᠠᠯᠠᠬᠤ ᠭᠡᠵᠤ

ᠠᠯᠳᠠᠨ ᠠᠮᠢ ᠪᠠᠷ ᠶᠢᠡᠨ ᠳᠤᠯᠤᠭᠰᠠᠨ

ᠠᠭᠤᠤ ᠡᠷ᠎ᠡ ᠳ᠋ᠡᠡᠽᠡᠨ ᠤ

ᠬᠤᠷᠤᠰᠤᠯ ᠤᠨ ᠭᠠᠯ

ᠡᠷᠭᠡ᠂ ᠠᠰᠢᠭ᠂ ᠦᠪᠡᠷ ᠤᠨ ᠶᠢᠡᠨ ᠳᠦᠯᠦᠭᠡ

ᠡᠯᠢᠭᠡᠳᠡᠵᠤ ᠣᠨᠠᠭᠰᠠᠨ ᠰᠢᠷᠤᠢ ᠪᠠᠨ

ᠡᠷᠳᠡᠨ ᠡᠴᠡ ᠥᠪᠯᠡᠭ᠍ᠰᠡᠨ ᠰᠤᠶᠤᠯ ᠶᠢᠡᠨ

ᠡᠭᠡ ᠡᠷᠡᠭᠦᠯ ᠭᠡᠯᠡ ᠪᠠᠨ

ᠳᠡᠮᠳᠡᠭᠯᠡᠵᠤ ᠳᠡᠢ᠌ᠳᠡᠯᠵᠡᠭ᠍ᠰᠡᠨ

ᠥᠴᠦᠭᠡᠨ ᠬᠤᠪᠢᠠᠴᠢᠷ ᠤᠨ ᠬᠣᠢ᠌ᠨ᠎ᠠ ᠡᠴᠡ

ᠡᠷᠡᠰᠳᠡᠵᠤ ᠪᠣᠰᠤᠭᠰᠠᠨ

ᠡᠭᠡᠯ ᠣᠯᠠᠨ ᠮᠤᠩᠭ᠋ᠤᠯ ᠤᠨ

ᠭᠢᠯᠢᠩ ᠤᠨ ᠭᠠᠯ

ᠭᠠᠩ ᠮᠤᠷᠢᠨ ᠤ ᠳᠤᠭᠤᠷᠠᠢ ᠪᠠᠷ

ᠭᠠᠢ᠌ᠬᠠᠮᠰᠢᠭ ᠢ ᠪᠦᠳᠦᠭᠡᠵᠤ

ᠭᠠᠯᠪᠠ ᠶᠢᠨ ᠳᠡᠦᠭᠡ ᠳᠤ

ᠮᠤᠩᠭ᠋ᠤᠯ ᠤᠨ ᠠᠯᠳᠠᠷ ᠢ ᠳᠤᠩᠬᠠᠭᠯᠠᠵᠤ

ᠭᠠᠷᠠᠬ᠎ᠠ ᠬᠠᠶᠠᠯᠠᠭᠰᠠᠨ ᠡᠯᠡᠰᠤᠨ ᠤ ᠡᠪᠦᠷ ᠡᠴᠡ

ᠠᠪᠢᠶᠠᠰ᠂ ᠣᠷᠠᠯᠢᠭ᠂ ᠡᠭᠦᠳᠦᠯᠳᠡ ᠪᠠᠷ ᠶᠢᠡᠨ

ᠣᠷᠴᠢᠯᠠᠩ ᠤᠨ ᠮᠡᠷᠭᠡᠤᠨ ᠢ ᠪᠢᠰᠢᠷᠡᠭᠦᠯᠵᠤ

ᠣᠨ ᠤ ᠬᠠᠭᠤᠳᠠᠰᠤ ᠶᠢ ᠡᠯᠡᠭᠡᠵᠤ ᠢᠷᠡᠭ᠍ᠰᠡᠨ

ᠪᠣᠶᠠᠠᠳᠤ ᠳᠡᠭᠡᠳᠦᠰ ᠤᠨ ᠶᠢᠡᠨ

ᠣᠬᠠᠭᠠᠨ ᠤ ᠭᠠᠯ

ᠪᠢ

ᠭᠠᠵᠠᠷ ᠳᠡᠯᠡᠭᠡᠢ ᠶᠢᠨ ᠴᠤᠭᠴᠠ

ᠭᠠᠯ ᠤᠨ ᠭᠦᠭᠡ ᠴᠠᠭᠢᠭᠤᠷ

ᠭᠠᠯᠪᠠ ᠶᠢᠨ ᠵᠢᠮ᠎ᠠ ᠪᠠᠷ ᠮᠥᠩᠭᠡᠷᠡᠭᠦ

ᠮᠥᠩᠭᠡ ᠭᠠᠯ ᠤᠨ ᠦᠷᠦᠳᠠᠰᠤ᠃

ᠵᠤᠬᠢᠶᠠᠭᠴᠢ᠄ ᠶ‍·ᠲᠦᠪᠰᠢᠠ‍ᠪᠠᠶᠠᠷ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3270
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ