ᠨᠡᠪᠲᠡᠷᠡᠨ ᠤᠷᠤᠬᠤ
ᠶ‍·ᠳᠡᠯᠡᠢ᠌ᠭᠦᠤ ᠶᠢᠨ ᠣᠬᠤᠷ ᠰᠢᠯᠦᠭ᠌ ᠤᠳ

ᠠᠳᠠᠭᠠᠷᠬᠠᠯ


ᠪᠣᠷᠤᠭᠠᠯᠠᠬᠤ ᠳᠡᠭ᠍ᠷᠢ ᠶᠢ ᠴᠢ

ᠪᠣᠷᠤᠭᠤᠤᠠᠬᠠᠬᠤ ᠭᠡᠵᠤ

ᠪᠣᠯᠪᠠᠷᠠᠢ᠌ᠬᠠᠨ ᠬᠠᠴᠠᠷ ᠢ ᠴᠢ

ᠠᠯᠠᠭᠠᠳᠠᠬᠤ ᠭᠡᠵᠤ

ᠳᠡᠯᠭᠡᠷᠡᠭ᠍ᠰᠡᠨ ᠴᠡᠴᠡᠭ᠌ ᠢ ᠴᠢ

ᠳᠡᠪᠰᠡᠭᠦ ᠭᠡᠵᠤ

ᠳᠡᠩᠳᠡᠭᠦᠤ ᠪᠦᠭᠦᠨ ᠢ ᠴᠢ

ᠡᠵᠡᠷᠭᠡᠭᠦ ᠭᠡᠵᠤ

ᠥᠶᠡᠷᠭᠡᠭ᠍ᠰᠡᠨ ᠬᠤᠶᠡᠷ ᠢ ᠴᠢ

ᠥᠷᠭᠦᠭᠡᠭᠦ ᠭᠡᠵᠤ

ᠥᠨᠦᠰᠦᠭ᠍ᠰᠡᠨ ᠣᠷᠤᠭᠤᠯ ᠢ ᠴᠢ

ᠥᠳᠡᠭᠦ ᠭᠡᠵᠤ

ᠨᠠᠮᠢ᠋ᠢ ᠴᠢ

ᠨᠠᠷᠠᠰᠤᠨ ᠳᠤᠤᠷ᠎ᠠ ᠨᠢᠭᠤᠬᠤ ᠭᠡᠵᠤ

ᠨᠠᠰᠤ ᠵᠢᠯ ᠢ ᠴᠢ

ᠨᠠᠮ ᠳᠠᠠᠳᠠ ᠨᠢ ᠵᠤᠭᠰᠤᠭᠠᠬᠤ ᠭᠡᠵᠤ

᠁ ᠁ ᠁

2007.11.15

ᠲ᠋ᠡᠯᠡᠭᠡᠢ᠌ ᠬᠤᠳᠡᠨ᠎ᠡ


ᠴᠢ ᠪᠣᠶᠤ ᠪᠢ


ᠭᠡᠦᠭᠡᠨ ᠴᠢ ᠮᠢᠨᠤ ᠡᠮᠦᠨ᠎ᠡ

ᠭᠦᠯᠢᠶᠡᠵᠤ ᠳᠡᠯᠭᠡᠷᠡᠭ᠍ᠰᠡᠨ ᠴᠡᠴᠡᠭ᠌ ᠪᠣᠶᠤ

ᠭᠦᠪᠠᠭᠦᠨ ᠪᠢ ᠴᠢᠨᠤ ᠡᠮᠦᠨ᠎ᠡ

ᠭᠦᠰᠡᠵᠤ ᠣᠷᠭᠤᠭᠰᠠᠨ ᠬᠠᠢ᠌ᠯᠠᠰᠤ ᠪᠣᠶᠤ

ᠭᠡᠦᠭᠡᠨ ᠴᠢ ᠮᠢᠨᠤ ᠳᠡᠷᠭᠡᠳᠡ

ᠭᠦᠭᠡᠷᠦᠭᠦᠨ ᠠᠯᠠᠭ ᠡᠷᠪᠠᠭᠡᠢ ᠪᠣᠶᠤ

ᠭᠦᠪᠠᠭᠦᠨ ᠪᠢ ᠴᠢᠨᠤ ᠳᠡᠷᠭᠡᠳᠡ

ᠭᠦᠳᠡᠷ ᠬᠠᠳᠠᠨ ᠪᠦᠷᠭᠦᠤᠨ ᠪᠣᠶᠤ

ᠭᠡᠦᠭᠡᠨ ᠴᠢ ᠦᠨᠡᠨ ᠳᠡᠭᠡᠨ

ᠪᠦᠪᠠᠢ ᠶᠢᠨ ᠳᠠᠭᠤᠤ ᠲᠡᠶ ᠡᠭᠡ ᠪᠣᠶᠤ

ᠭᠦᠪᠠᠭᠦᠨ ᠪᠢ ᠦᠨᠡᠨ ᠳᠡᠭᠡᠨ

ᠪᠣᠭᠤᠷᠤᠯ ᠣᠳᠤᠮ ᠲᠡᠶ ᠠᠪᠣ ᠪᠣᠶᠤ

ᠭᠡᠦᠭᠡᠨ ᠴᠢ ᠡᠴᠦᠰ ᠲᠡᠭᠡᠨ

ᠮᠠᠭᠢᠷ ᠮᠠᠢ᠌ᠷᠠᠩ ᠡᠮᠡᠭᠡ ᠪᠣᠶᠤ

ᠭᠦᠪᠠᠭᠦᠨ ᠪᠢ ᠡᠴᠦᠰ ᠲᠡᠭᠡᠨ

ᠪᠦᠭ᠍ᠳᠦᠷ ᠪᠦᠳᠦᠭᠦᠨ ᠡᠪᠦᠭᠡ ᠪᠣᠶᠤ

2008.02.25

ᠲ᠋ᠡᠯᠡᠭᠡᠢ᠌ ᠬᠤᠲᠠᠨ᠎ᠠ


ᠣᠳᠤᠮ ᠤᠨ ᠭᠡᠮ


ᠣᠳᠤᠮ ᠤᠨ ᠭᠡᠮ ᠭᠡᠵᠤ

ᠣᠭᠢᠶᠠᠵᠤ ᠪᠣᠯᠳᠠᠭ ᠦᠭᠡᠶ ᠊ᠭ᠍‍ᠬᠢᠷ ᠶ‍ᠦᠮ ᠰᠠᠠᠵᠠᠢ

ᠠᠶᠤᠤᠯᠢᠬᠠᠢ ᠳ᠋ᠤᠨᠢ ᠣᠷᠭᠤᠭᠰᠠᠨ

ᠠᠭᠠᠰᠢ ᠶᠤᠮ ᠰᠠᠠᠵᠠᠢ

ᠶᠠᠰᠤᠨ ᠳ᠋ᠤᠨᠢ ᠰᠢᠩᠭᠡᠭ᠍ᠰᠡᠨ

ᠶᠠᠷ ᠶᠤᠮ ᠰᠠᠠᠵᠠᠢ

ᠶᠠᠭᠠᠭᠢᠵᠤ ᠴᠤ ᠪᠣᠯᠳᠠᠭ ᠦᠭᠡᠶ

ᠳᠠᠷᠢ ᠴᠤ ᠶᠤᠮ ᠰᠠᠠᠵᠠᠢ᠃

ᠣᠳᠤᠮ ᠤᠨ ᠭᠡᠮ ᠭᠡᠵᠤ

ᠣᠰᠠᠳᠬᠠᠵᠤ ᠪᠣᠯᠳᠠᠭ ᠦᠭᠡᠶ ᠦᠪ ᠶᠤᠮ ᠰᠠᠠᠵᠠᠢ

ᠣᠬᠠᠭᠠᠨ ᠳ᠋ᠤᠨᠢ ᠰᠠᠭᠤᠭᠰᠠᠨ

ᠶ‍ᠸᠯᠧᠢ ᠶᠤᠮ ᠰᠠᠠᠵᠠᠢ

ᠶᠠᠩᠵᠤ ᠶᠢᠨ ᠰᠠᠢ᠌ᠬᠠᠨ

ᠣᠷ᠎ᠠ ᠶᠤᠮ ᠰᠠᠠᠵᠠᠢ

ᠶᠠᠭᠠᠭᠢᠬᠤ ᠶᠢᠨ ᠠᠷᠭ᠎ᠠ ᠦᠭᠡᠶ

ᠣᠬᠠᠭᠠᠨ ᠶᠤᠮ ᠰᠠᠠᠵᠠᠢ᠃

2005.03

ᠣᠯᠠᠭᠠᠠᠪᠠᠭᠠᠳᠤᠷ ᠲᠤ


ᠨᠠᠬᠤ ᠠᠭᠤᠯᠠ


ᠨᠠᠬᠤ ᠠᠭᠤᠯᠠ ᠶᠢᠨ ᠣᠷᠤᠢ

ᠦᠨᠳᠦᠷ ᠡᠰᠡ ᠬᠠᠷᠠᠭᠳᠠᠭᠤᠯᠤᠭ᠎ᠠ

ᠨᠢ᠋ᠮᠠᠨ ᠵᠠᠭᠤᠨ ᠤ ᠳᠡᠦᠭᠡ

ᠣᠷᠳᠤ ᠡᠰᠡ ᠰᠠᠨᠠᠭᠳᠠᠭᠤᠯᠤᠭ᠎ᠠ

ᠪᠠᠭᠠᠳᠤᠷ ᠤᠳ ᠤᠨ ᠴᠢᠰᠤ

ᠬᠠᠯᠠᠭᠤᠨ ᠡᠰᠡ ᠪᠣᠳᠤᠭᠳᠠᠭᠤᠯᠤᠭ᠎ᠠ

ᠪᠠᠷᠠᠭᠤᠠᠰᠢ ᠮᠥᠯᠭᠦᠭᠦ ᠨᠠᠷᠠ

ᠭᠡᠭᠡᠨ ᠡᠰᠡ ᠰᠠᠨᠠᠭᠳᠠᠭᠤᠯᠤᠭ᠎ᠠ

ᠭᠦᠭ᠍ᠰᠢᠨ ᠪᠣᠭᠤᠷᠤᠯ ᠳᠤᠯᠤᠭᠠᠢ

ᠭᠡᠷᠡᠭ᠌ ᠲᠤ ᠡᠰᠡ ᠭᠦᠷᠦᠯᠦᠭᠡ

ᠭᠡᠡᠵᠡ ᠭᠦᠤ ᠶᠢᠨ ᠪᠣᠳᠤᠯ

ᠦᠪᠡᠷ ᠤᠨ ᠬᠤᠭᠤᠯᠠᠢ ᠣᠭᠳᠤᠯᠤᠭ᠎ᠠ

2006.05

ᠰᠠᠯᠠᠩ ᠬᠤᠳᠠᠨ᠎ᠠ


ᠭᠦᠢ ᠪᠠᠭᠤᠷᠢ


ᠭᠦᠢ ᠶᠢ ᠮᠢᠨᠢ ᠳᠠᠯᠪᠢᠭᠰᠠᠨ

ᠭᠦᠭᠡ ᠪᠣᠳᠠᠨ ᠤ ᠡᠩᠭᠡᠷ

ᠭᠦᠷᠡᠩᠳᠡᠨ ᠪᠣᠷᠤᠯᠠᠩᠬᠠᠨ ᠬᠠᠷᠠᠭᠳᠠᠨ᠎ᠠ

ᠭᠦᠭᠡᠷᠦᠭᠦᠢ ᠡᠵᠢ ᠶᠢᠨ ᠳᠦᠷᠦᠭᠦ ᠶᠢᠨ ᠵᠤᠪᠠᠯ

ᠭᠦᠢ ᠶᠢᠨ ᠬᠠᠯᠠᠭᠤᠨ ᠠᠭᠤᠷ ᠲᠡᠶ ᠪᠠᠨ

ᠭᠦᠤ ᠪᠠᠨ ᠳᠠᠨᠢᠨ ᠮᠦᠰᠢᠶᠠᠨ᠎ᠠ᠃

2005

ᠣᠯᠠᠭᠠᠠᠪᠠᠭᠠᠳᠤᠷ ᠲᠤ

ᠵᠤᠬᠢᠶᠠᠭᠴᠢ᠄ ᠶ‍·ᠳᠡᠯᠡᠢ᠌ᠭᠦᠤ
ᠢᠷᠡᠯᠲᠡ᠄ 《ᠳᠠᠠᠴᠢᠨ》 ᠵᠤᠬᠢᠶᠠᠯᠴᠢᠳ ᠤᠨ ᠬᠤᠯᠪᠣᠭ᠎ᠠ
ᠬᠠᠷᠢᠶ᠎ᠠ᠄ ᠰᠢᠯᠦᠭ
ᠳᠠᠷᠤᠮ᠄ 4072
ᠴᠠᠭ᠄ 2008 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ