ᠨᠡᠪᠲᠡᠷᠡᠨ ᠤᠷᠤᠬᠤ
ᠮᠢᠨᠤ ᠪᠠᠭ᠎ᠠ ᠨᠠᠰᠤ

ᠠᠷᠠᠤᠨ ᠤᠨ ᠰᠤᠷᠭᠠᠭᠤᠯᠢ ᠳᠤ ᠭᠦᠷᠭᠡᠭᠦ ᠪᠠᠷ

ᠠᠪᠣ ᠶᠢᠨ ᠮᠢᠨᠢ ᠠᠪᠴᠤ ᠦᠭ‍ᠭᠦᠭ᠍ᠰᠡᠨ

ᠠᠯᠠᠭ ᠡᠷᠢᠶᠡᠨ ᠪᠢᠴᠢᠭ᠌ ᠤᠨ ᠪᠣᠭᠴᠤ

ᠠᠷᠪᠠᠨ ᠨᠢᠭᠤᠷ ᠭᠦᠷᠭᠦ ᠦᠭᠡᠶ ᠳᠠᠰᠬᠠᠯ ᠤᠨ ᠳᠠᠪᠳᠠᠷ

----ᠮᠢᠨᠤ ᠪᠠᠭ᠎ᠠ ᠨᠠᠰᠤ

ᠵᠤᠨ ᠳᠤ ᠪᠠᠨ ᠳᠠᠩ ᠶᠢᠡᠷ ᠡᠮᠦᠰᠳᠡᠭ᠌

ᠡᠪᠦᠯ ᠳᠤ ᠪᠠᠨ ᠭᠦᠪᠦᠩ ᠣᠯᠤᠩᠳᠠᠢ ᠪᠠᠨ ᠭᠠᠳᠠᠷᠯᠠᠳᠠᠭ

ᠬᠤᠷᠤᠭᠤ ᠵᠤᠵᠠᠭᠠᠨ ᠊ᠭ᠍‍ᠬᠢᠷ ᠳᠠᠭ ᠲᠡᠶ

ᠬᠤᠰᠤᠵᠤ ᠪᠠᠷᠠᠬᠤ ᠦᠭᠡᠶ ᠥᠯᠢᠭᠡᠷ ᠲᠡᠶ

ᠭᠦᠭᠡ ᠥᠩᠭᠡ ᠲᠡᠶ ᠬᠠᠠᠳᠠᠭᠠᠵᠠ

----ᠮᠢᠨᠤ ᠪᠠᠭ᠎ᠠ ᠨᠠᠰᠤ

ᠵᠢᠯ ᠳᠤ ᠪᠠᠨ ᠨᠢᠭᠡ ᠯᠠ ᠣᠳᠠᠭ᠎ᠠ ᠭᠦᠳᠡᠭᠡ ᠪᠠᠭᠤᠳᠠᠭ

ᠺᠢᠨᠤ᠋ ᠭᠠᠷᠭᠠᠬᠤ ᠠᠩᠭᠢ ᠢᠷᠡᠭ᠍ᠰᠡᠨ ᠳᠠᠷᠠ ᠦᠳᠡᠰᠢ

ᠠᠢ᠌ᠯ ᠤᠨ ᠠᠭᠤᠵᠢᠮᠬᠠᠨ ᠳᠠᠯᠠᠪᠣᠷ ᠲᠤ

ᠭᠠᠵᠠᠷ ᠡᠵᠡᠯᠡᠭᠦ ᠭᠡᠵᠤ ᠭᠦᠷᠢᠶ᠎ᠡ ᠪᠠᠷᠢᠭᠰᠠᠨ

ᠶᠡᠭᠡ ᠪᠠᠭ᠎ᠠ ᠣᠯᠠᠨ ᠳᠠᠯ᠎ᠠ ᠲᠡᠶ ᠴᠢᠯᠠᠭᠤᠳ

----ᠮᠢᠨᠤ ᠪᠠᠭ᠎ᠠ ᠨᠠᠰᠤ

ᠵᠤᠨ ᠤ ᠬᠠᠯᠠᠭᠤᠨ ᠨᠠᠷᠠᠨ ᠳᠤ

ᠵᠤᠭ᠎ᠠ ᠰᠢᠪᠳᠤᠷᠴᠤ ᠢᠳᠡᠭᠦ ᠭᠡᠵᠤ

ᠵᠤᠯᠵᠠᠭ᠎ᠠ ᠰᠠᠮᠵᠠ ᠰᠢᠭ ᠠᠪᠠᠷᠢᠵᠤ ᠪᠠᠢ᠌ᠭᠰᠠᠨ

ᠵᠤ᠋ ᠮᠠᠩᠬᠠᠨ ᠤ ᠭᠦᠭ᠍ᠰᠢᠨ ᠬᠠᠢ᠌ᠯᠠᠰᠤ

----ᠮᠢᠨᠤ ᠪᠠᠭ᠎ᠠ ᠨᠠᠰᠤ

ᠥᠡᠳᠡᠭᠡ ᠲᠡᠶ ᠡᠭᠦᠷ ᠶᠢᠡᠨ ᠮᠡᠳᠡᠭᠦᠯᠭᠦ ᠦᠭᠡᠶ ᠭᠡᠵᠤ

ᠦᠯᠦᠩ ᠡᠪᠠᠰᠤᠨ ᠤ ᠳᠤᠮᠳᠠᠭᠤᠷ ᠰᠢᠷᠬᠠᠳᠤᠭᠰᠠᠨ ᠮᠠᠳᠤ

ᠳᠠᠯᠠᠪᠴᠢ ᠪᠠᠨ ᠴᠢᠷᠦᠭ᠍ᠰᠡᠨ ᠡᠭᠡ ᠪᠣᠯᠵᠤᠮᠤᠷ ᠢ

ᠪᠠᠷᠢᠬᠤ ᠭᠡᠵᠤ ᠣᠢ᠌ᠯᠠ ᠪᠠᠨ ᠪᠠᠷᠠᠵᠤ ᠬᠠᠭᠤᠷᠳᠠᠭᠳᠠᠭᠠᠤᠨ

ᠬᠤᠷᠤᠰᠬᠤ ᠳᠤ ᠪᠠᠨ ᠣᠨᠠᠭᠠᠭᠰᠠᠨ ᠪᠦᠳᠦᠭᠦᠨ ᠨᠢᠯᠪᠣᠰᠤ

----ᠮᠢᠨᠤ ᠪᠠᠭ᠎ᠠ ᠨᠠᠰᠤ

ᠠᠯᠠᠭ ᠭᠡᠭᠡᠷ ᠮᠤᠷᠢ ᠪᠠᠨ ᠡᠮᠡᠭᠡᠯᠯᠡᠵᠤ ᠠᠪᠠ ᠶᠢᠨ ᠨᠤᠬᠠᠢ ᠪᠠᠨ ᠬᠤᠭᠤᠯᠠᠯᠠᠵᠤ

ᠠᠪᠠ ᠠᠩ ᠭᠡᠳ ᠭᠡᠢ᠌ᠷᠭᠡᠵᠤ ᠪᠠᠢ᠌ᠭ᠎ᠠ ᠠᠬ᠎ᠠ ᠪᠠᠨ ᠠᠳᠠᠭᠠᠷᠬᠠᠵᠤ

ᠠᠪᠠ ᠶᠢᠨ ᠪᠢᠯᠠᠭᠤ ᠶᠢ ᠨᠢ ᠠᠷᠭᠠᠯ ᠤᠨ ᠣᠪᠣᠭᠠᠨ ᠳᠤ ᠨᠢᠭᠤᠭᠠᠤᠨ

ᠠᠩ ᠤᠨ ᠮᠢᠬ᠎ᠠ ᠶᠢ ᠨᠢ ᠢᠳᠠᠵᠤ ᠠᠮᠠ ᠠᠯᠳᠠᠭᠠᠤᠨ

ᠠᠭᠤᠷ ᠢ ᠨᠢ ᠭᠦᠳᠡᠯᠭᠡᠵᠤ ᠠᠯᠠᠭᠠᠨ ᠳᠠᠩ ᠢᠳᠡᠭ᠍ᠰᠡᠨ

ᠠᠷᠤ ᠪᠦᠭ᠍ᠰᠡᠨ ᠳᠡᠭᠡᠷ᠎ᠡ ᠥᠯᠡᠳᠡᠭ᠍ᠰᠡᠨ ᠠᠷᠪᠠᠨ ᠬᠤᠷᠤᠭᠤᠨ ᠤ ᠮᠦᠷ

------ᠮᠢᠨᠤ ᠪᠠᠭ᠎ᠠ ᠨᠠᠰᠤ

ᠳᠠᠰᠭᠢᠮ᠎ᠠ ᠡᠪᠦᠯ ᠤᠨ ᠭᠦᠢᠳᠡᠨ ᠡᠳᠦᠷ

ᠳᠠᠩ ᠱᠠᠬᠠᠢ ᠪᠠᠷ ᠳᠡᠯᠳᠡᠭᠡᠨᠡᠵᠤ ᠭᠦᠶ‍ᠦᠭᠦ ᠳᠤ ᠪᠠᠨ

ᠭᠦᠭᠡᠭᠡ ᠡᠪᠦᠯ ᠳᠤ ᠳᠤᠷ᠎ᠠ ᠥᠭᠡᠢ᠌ᠴᠡᠳᠡᠭ᠌ ᠦᠭᠡᠶ ᠬᠠᠷᠢᠨ

ᠭᠦᠷ ᠴᠠᠰᠤᠨ ᠳᠤ ᠬᠤᠴᠢᠭᠳᠠᠭᠰᠠᠨ ᠴᠠᠭᠠᠨ ᠰᠡᠷ᠎ᠡ ᠭᠦᠷᠴᠤ ᠢᠷᠡᠭᠦ ᠶᠢ ᠭᠦᠰᠡᠵᠤ

ᠴᠠᠳᠳᠠᠯ᠎ᠠ ᠨᠢᠭᠡ ᠴᠠᠭ ᠮᠢᠬ᠎ᠠ ᠢᠳᠠᠨ᠎ᠠ ᠳ᠋ᠠ ᠭᠡᠵᠤ

ᠴᠢᠳᠠᠨ ᠶᠠᠳᠠᠨ ᠭᠦᠯᠢᠶᠡᠵᠤ ᠰᠠᠭᠤᠳᠠᠭ ᠳᠠᠷᠠ ᠰᠠᠢ᠌ᠬᠠᠨ ᠭᠦᠰᠡᠯ

----ᠮᠢᠨᠤ ᠪᠠᠭ᠎ᠠ ᠨᠠᠰᠤ

ᠬᠤᠷᠰᠢᠶᠠᠨ ᠳᠤ ᠣᠴᠢᠭᠠᠤᠨ ᠢᠷᠡᠭᠦ ᠪᠣᠯᠭᠠᠨ ᠳᠤ ᠪᠠᠨ ᠡᠵᠢ ᠮᠢᠨᠢ

ᠬᠤᠶᠠᠷ ᠰᠢᠭᠢᠷ ᠬᠠᠷᠮᠠᠯᠠᠵᠤ ᠢᠷᠡᠳᠡᠭ᠌

ᠬᠤᠷᠢᠨ ᠨᠠᠰᠤᠨ ᠳᠤ ᠪᠠᠨ ᠬᠠᠢ᠌ᠷᠠᠯᠠᠨ ᠪᠠᠬᠠᠷᠴᠤ ᠬᠤᠳᠠᠯᠳᠤᠨ ᠠᠪᠣᠭᠰᠠᠨ

ᠬᠤᠷᠢᠮᠯᠠᠬᠤ ᠡᠳᠦᠷ ᠶᠢᠡᠨ ᠰᠠ‍‌ᠶᠢ ᠭᠠᠷᠭᠠᠵᠤ ᠡᠮᠦᠰᠦᠭ᠍ᠰᠡᠨ

ᠬᠤᠵᠢᠮ ᠨᠢ ᠡᠭᠡᠴᠢ ᠳᠤ ᠬᠠᠢ᠌ᠷᠠᠯᠠᠨ ᠪᠠᠢ᠌ᠵᠤ ᠡᠮᠦᠰᠭᠡᠭ᠍ᠰᠡᠨ

ᠬᠤᠸᠠᠷᠳᠠᠢ ᠳᠤᠷᠭᠠᠨ ᠣᠯᠤᠩᠳᠠᠢ ᠶᠢᠨ ᠭᠢᠨᠢ ᠭᠦᠶ‍ᠦᠭᠡᠨ ᠬᠤᠶᠠᠷ ᠬᠠᠷᠮᠠᠨ

----ᠮᠢᠨᠤ ᠪᠠᠭ᠎ᠠ ᠨᠠᠰᠤ

ᠰᠤᠷᠭᠠᠭᠤᠯᠢ ᠪᠠᠨ ᠳᠠᠷᠬᠠᠭᠠᠤᠨ ᠭᠡᠷ ᠲᠤ ᠪᠠᠨ ᠢᠷᠡᠭᠦ ᠳᠤ

ᠰᠤᠷᠤᠭᠰᠠᠨ ᠴᠠᠭ ᠲᠤ ᠪᠠᠨ ᠰᠦ᠋ ᠪᠠᠷ ᠣᠭᠵᠢᠭᠤᠯᠳᠠᠭ

ᠰᠥᠷᠦᠭ᠌ ᠶᠢᠡᠨ ᠳᠠᠭᠠᠵᠤ ᠳᠡᠢ᠌ᠯᠭᠦ ᠦᠭᠡᠶ ᠦᠨᠦᠴᠢᠨ ᠬᠤᠷᠠᠭ᠎ᠠ ᠶᠢᠨ

ᠰᠡᠭᠦᠯ ᠰᠢᠭ᠌ ᠳᠠᠭᠠᠭᠠᠤᠨ ᠮᠠᠢ᠌ᠯᠠᠭᠰᠠᠨ ᠭᠦᠭᠡᠷᠦᠭᠦᠢ ᠳᠠᠭᠤ

-----ᠮᠢᠨᠤ ᠪᠠᠭ᠎ᠠ ᠨᠠᠰᠤ

ᠬᠤᠶᠠᠷ ᠯᠠᠩ ᠠᠷᠢᠭᠢ ᠪᠠᠨ ᠳᠠᠳᠠᠪᠠᠯ

ᠬᠤᠷᠭᠢᠷᠠᠳᠠᠯ᠎ᠠ ᠣᠠᠳᠠᠳᠠᠭ ᠠᠪᠣ ᠶᠢᠨ ᠬᠠᠮᠠᠷ ᠤᠨ ᠳᠠᠭᠤ

ᠬᠤᠯᠠ ᠶᠢᠨ ᠵᠡᠷᠭᠡᠯᠭᠡᠨ ᠢ ᠰᠢᠷᠳᠠᠨ ᠰᠢᠷᠳᠠᠨ

ᠬᠤᠭᠤᠯᠠᠢ ᠪᠠᠨ ᠰᠥᠭᠡᠩᠭᠢᠷᠡᠳᠡᠯ᠎ᠡ ᠪᠣᠢ᠌ᠯᠠᠭᠰᠠᠨ

ᠬᠤᠤᠰ ᠨᠢᠳᠤᠨ ᠳᠤ ᠨᠢ ᠳᠦᠭᠦᠷᠡᠩ ᠮᠡᠯᠮᠡᠯᠵᠡᠭ᠍ᠰᠡᠨ ᠪᠣᠳᠤᠭᠤ ᠶᠢᠨ ᠨᠢᠯᠪᠣᠰᠤ

----ᠮᠢᠨᠤ ᠪᠠᠭ᠎ᠠ ᠨᠠᠰᠤ

ᠮᠢᠨᠤ ᠪᠠᠭ᠎ᠠ ᠨᠠᠰᠤ

ᠪᠠᠯ ᠪᠣᠷᠠᠮ ᠤᠨ ᠠᠮᠳᠠᠳᠠᠢ ᠶᠤᠮ

ᠪᠠᠯᠠᠷ ᠣᠢ ᠲᠡᠶ ᠪᠠᠨ ᠬᠠᠮᠳᠤ

ᠪᠠᠷ᠎ᠠ ᠰᠤᠷᠠᠭ ᠦᠭᠡᠶ ᠬᠤᠯᠠᠳᠠᠭᠰᠠᠨ ᠶᠤᠮ


ᠵᠤᠬᠢᠶᠠᠭᠴᠢ ᠶᠢᠨ ᠬᠠᠶ‍ᠢᠭ᠄ ᠭᠠᠬᠠᠢ᠌ᠳᠤ ᠳᠤᠮᠳᠠᠳᠤ ᠰᠤᠷᠭᠠᠭᠤᠯᠢ

ᠵᠤᠬᠢᠶᠠᠭᠴᠢ᠄ ᠭᠦᠭᠡᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2009 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ