ᠨᠡᠪᠲᠡᠷᠡᠨ ᠤᠷᠤᠬᠤ
ᠨᠠᠷᠠᠨ ᠵᠢᠷᠭᠠᠬᠤ ᠵᠥᠭ᠌ ᠲᠤ ᠰᠢᠨ᠎ᠡ ᠬᠤᠳᠠ ᠮᠠᠠᠳᠤᠯᠠᠪᠠ

ᠨᠠᠷᠠᠨ ᠵᠢᠷᠭᠠᠬᠤ ᠪᠠᠷᠠᠭᠤᠨ ᠵᠥᠭ᠌ ᠲᠤ ᠰᠢᠨ᠎ᠡ ᠬᠤᠳᠠ ᠭᠡᠵᠤ ᠭᠠᠷᠪᠠ

ᠨᠠᠮᠵᠢᠭᠤᠨ ᠪᠠᠢ᠌ᠭᠰᠠᠨ ᠬᠤᠳᠠ ᠶᠢᠨ ᠠᠷᠠᠤᠨ ᠢ ᠥᠢᠮᠡᠭᠦᠯᠵᠤ ᠮᠠᠠᠳᠤᠯᠠᠪᠠ

ᠣᠪᠣ ᠴᠤᠪᠣ ᠭᠡᠳᠤᠨ ᠠᠰᠠᠷ ᠲᠡᠶ᠂ ᠪᠠᠰᠠ ᠣᠳᠤᠭ᠎ᠠ ᠳᠠᠢ

ᠣᠯᠠᠨ ᠴᠤ ᠡᠭᠡᠯ ᠠᠷᠠᠤᠨ ᠲᠡᠶ ᠬᠠᠭᠤᠴᠢᠨ ᠬᠤᠳᠠ ᠪᠠᠨ ᠣᠷᠭᠢᠵᠤ ᠮᠠᠠᠳᠤᠯᠠᠪᠠ

ᠣᠯᠠᠨ ᠶᠢᠡᠷ ᠶᠢᠡᠨ ᠳᠠᠰᠢ ᠨᠡᠭᠦᠭᠦ ᠶᠢᠨ ᠳᠤᠩ ᠳᠤ ᠱᠥᠭᠯᠡᠪᠡ

ᠣᠷᠤᠨ ᠰᠠᠭᠤᠴᠠ ᠪᠠᠨ ᠬᠤᠳᠠᠯᠳᠤᠵᠤ ᠰᠢᠨ᠎ᠡ ᠬᠤᠳᠠ ᠪᠠᠷᠠᠳᠠᠵᠠᠭᠠᠪᠠ

ᠳᠡᠭ᠍ᠷᠢ ᠶᠢᠨ ᠬᠠᠩᠰᠢ ᠲᠡᠶ ᠭᠡᠷ ᠳᠡᠷᠭᠡ ᠶᠢ ᠨᠢ ᠪᠣᠯᠢᠶᠠᠯᠳᠤᠵᠤ ᠠᠪᠴᠠᠭᠠᠪᠠ

ᠳᠡᠩᠭᠡᠭᠡ ᠴᠢᠳᠠᠯ ᠶᠢᠡᠷ ᠪᠠᠷᠤᠭᠳᠠᠢ ᠨᠢ ᠴᠤ ᠵᠢᠭᠡᠯᠡᠵᠤ ᠱᠡᠭᠡᠯᠡᠭᠡᠳ ᠶᠠᠪᠣᠵᠠᠭᠠᠪᠠ

ᠠᠭᠠᠷ ᠨᠢ ᠴᠡᠪᠠᠷᠭᠡᠨ ᠭᠡᠵᠤ ᠨᠡᠭᠦᠵᠡᠭᠡᠯ᠎ᠡ

ᠠᠵᠢᠯᠯᠠᠬᠤ ᠳᠤ ᠤᠢ᠌ᠷᠬᠠᠨ ᠭᠡᠵᠤ ᠨᠡᠭᠦᠵᠡᠭᠡᠯ᠎ᠡ

ᠰᠠᠯᠭᠢ ᠨᠢ ᠭᠦᠷᠳᠡᠯ᠎ᠡ ᠵᠥᠭᠡᠯᠡᠨ ᠭᠡᠵᠤ ᠨᠡᠭᠦᠵᠡᠭᠡᠯ᠎ᠡ

ᠰᠠᠷᠠ ᠨᠢ ᠭᠦᠷᠳᠡᠯ᠎ᠡ ᠳᠦᠭᠦᠷᠢᠭ᠌ ᠭᠡᠵᠤ ᠨᠡᠭᠦᠵᠡᠭᠡᠯ᠎ᠡ

ᠠᠷᠠᠤᠨ ᠤᠨ ᠵᠠᠰᠠᠭ ᠤᠨ ᠣᠷᠳᠤᠨ ᠲᠡᠶ ᠨᠠᠭᠠᠯᠳᠤᠶ᠎ᠠ ᠭᠡᠵᠤ ᠨᠡᠭᠦᠵᠡᠭᠡᠯ᠎ᠡ

ᠠᠷᠪᠢᠨ ᠠᠷᠪᠢᠨ ᠳᠠᠷᠤᠭ᠎ᠠ ᠲᠡᠶ ᠤᠢ᠌ᠷᠠᠳᠤᠶ᠎ᠠ ᠭᠡᠵᠤ ᠴᠤ ᠨᠡᠭᠦᠵᠡᠭᠡᠯ᠎ᠡ

ᠪᠠᠢ᠌ᠭᠤᠯᠤᠯᠭ᠎ᠠ᠂ ᠬᠤᠪᠢ ᠠᠢ᠌ᠯ᠂ ᠬᠤᠭᠤᠯᠠᠨ ᠭᠡᠷ ᠨᠡᠭᠦᠵᠡᠭᠡᠯ᠎ᠡ

ᠪᠠᠷᠠᠭᠤᠨ ᠭᠤᠳᠤᠮᠵᠢ ᠶᠢᠨ ᠰᠤᠯᠢᠶᠠᠳᠤ ᠭᠦᠷᠳᠡᠯ᠎ᠡ ᠨᠡᠭᠦᠴᠢᠭᠡᠯ᠎ᠡ

ᠬᠠᠯᠳᠠᠷ ᠨᠠᠷᠠ ᠲᠡᠶ ᠬᠠᠭᠤᠴᠢᠨ ᠬᠤᠳᠠ ᠶᠢᠨ ᠭᠢᠨ

ᠰᠠᠨᠠᠭ᠎ᠠ ᠳᠤᠮᠳᠠᠭᠤᠷ ᠬᠤᠴᠤᠷᠴᠠᠭᠠᠯ᠎ᠠ

ᠬᠠᠮᠢᠭ᠎ᠠ ᠭᠡᠵᠢᠶᠡᠨ ᠤ ᠬᠠᠭᠤᠴᠢᠨ ᠳᠠᠭᠤᠤ ᠪᠠᠨ

ᠳᠠᠭᠤᠯᠠᠭᠰᠠᠭᠠᠷ ᠰᠠᠭᠤᠯ᠎ᠠ

ᠨᠠᠮᠤᠷ ᠤᠨ ᠨᠠᠪᠴᠢ ᠭᠡᠢ᠌ᠰᠦᠭ᠍ᠰᠡᠨ

ᠢᠪᠴᠤᠬᠠᠨ ᠪᠣᠷᠤ ᠵᠡᠭᠡᠯᠢ ᠪᠠᠷ

ᠨᠠᠶᠠᠨ ᠳᠠᠪᠣᠳᠠᠢ ᠨᠠᠮᠰᠠᠷᠠᠢ ᠠᠪᠣ ᠯᠠ

ᠭᠡᠨᠡᠭ᠌ ᠦᠭᠡᠶ ᠰᠠᠵᠢᠯᠠᠨ᠎ᠠ᠄

ᠵᠠᠯᠠᠭᠤ ᠳᠤ ᠪᠠᠨ ᠪᠢ ᠡ᠊ᠨᠳᠡ ᠠᠳᠤᠭᠤ ᠪᠠᠨ ᠮᠠᠨᠠᠵᠤ ᠪᠠᠢ᠌ᠯ᠎ᠠ᠂ ᠪᠦᠭᠡᠷ᠎ᠡ ᠡ

ᠵᠠᠭᠠᠭᠯᠠᠵᠤ ᠢᠯᠭᠠᠬᠤ ᠰᠢᠨ᠎ᠡ ᠬᠠᠭᠤᠴᠢᠨ ᠬᠤᠳᠠ ᠭᠡᠵᠤ ᠬᠠᠮᠢᠭ᠎ᠠ ᠪᠠᠢ᠌ᠭᠰᠠᠨ ᠶᠤᠮ᠂ ᠪᠦᠭᠡᠷ᠎ᠡ ᠡ

ᠠᠪᠣ ᠨᠢ ᠪᠢ ᠡᠨᠡ ᠨᠠᠰᠤᠨ ᠳᠤ ᠪᠠᠨ ᠶᠠᠭᠤ ᠶᠢ ᠥᠵᠡᠭ᠍ᠰᠡᠨ ᠦᠭᠡᠶ ᠶᠤᠮ᠂ ᠪᠦᠭᠡᠷ᠎ᠡ ᠡ

ᠠᠯᠢ ᠨᠢᠭᠡ ᠦᠶ᠎ᠡ ᠳᠤ ᠨᠢ ᠰᠢᠨ᠎ᠡ ᠬᠤᠳᠠ ᠴᠢᠨᠢ ᠪᠠᠰᠠ ᠬᠠᠭᠤᠴᠢᠷᠠᠴᠢᠬᠠᠬᠤ ᠶᠤᠮ ᠰᠢᠤ᠂ ᠪᠦᠭᠡᠷ᠎ᠡ ᠡ ᠁


ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤᠨ ᠤ ᠴᠢᠪᠠᠭ᠎ᠠ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠭᠠ᠊·ᠪᠦᠳᠦᠭᠡᠭ᠍ᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2011 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ