ᠨᠡᠪᠲᠡᠷᠡᠨ ᠤᠷᠤᠬᠤ
ᠡᠮᠧ ᠲᠡᠶ ᠪᠠᠨ ᠵᠢᠯ ᠣᠷᠤᠬᠤ ᠰᠠᠢ᠌ᠬᠠᠨ
(ᠭᠠᠳᠠᠨ᠎ᠠ ᠨᠢᠭᠡ)

᠊᠊᠊᠊᠊᠊᠊᠊᠊᠊᠊᠊᠊᠊᠊᠊᠊᠊᠊᠊᠊᠊᠊᠊᠊᠊᠊ ᠡᠮᠧ ᠶᠢᠨ ᠶᠢᠡᠨ 61 ᠨᠠᠰᠤᠨ ᠤ ᠵᠢᠯ ᠳ᠋ᠤ


ᠠᠯᠪᠠᠨ ᠠᠵᠢᠯ ᠤᠨ ᠶᠠᠳᠠᠷᠠᠭ᠎ᠠ ᠶᠢ ᠣᠷᠭᠢᠵᠤ

ᠠᠳᠠᠭᠠᠷᠬᠠᠯ ᠵᠢᠳᠦᠷᠭᠡᠯ ᠤᠨ ᠴᠢᠯᠡᠭᠡ ᠶᠢ ᠣᠮᠠᠷᠳᠠᠵᠤ

ᠠᠪᠠᠭᠠᠢ ᠭᠦᠤ ᠪᠠᠨ ᠳᠠᠭᠠᠭᠤᠯᠵᠤ

ᠠᠷᠤ ᠭᠡᠷ ᠲᠡᠭᠡᠨ ᠬᠠᠷᠢᠭᠠᠤᠨ

ᠡᠮᠧ ᠲᠡᠶ ᠪᠠᠨ ᠵᠢᠯ ᠣᠷᠤᠬᠤ ᠰᠠᠢ᠌ᠬᠠᠨ

ᠥᠷᠴᠡᠢ᠌ᠭ᠍ᠰᠡᠨ ᠴᠢᠷᠠᠢ ᠶᠢ ᠨᠢ ᠰᠢᠷᠳᠠᠵᠤ

ᠡᠮᠧ ᠲᠡᠶ ᠪᠠᠨ ᠰᠢᠨᠡᠯᠡᠭᠦ ᠨᠠᠩ ᠰᠠᠢ᠌ᠬᠠᠨ

ᠪᠠᠶᠠᠠᠪᠣᠯᠠᠭ ᠤᠨ ᠵᠤᠭᠰᠠᠭᠠᠯ ᠡᠴᠡ ᠭᠠᠷᠤᠭᠰᠠᠨ ᠭᠡᠪ ᠶᠢᠡᠷ ᠶᠢᠡᠨ

ᠪᠢᠷᠠᠭᠤ ᠳᠤᠭᠤᠯ ᠣᠨᠤᠳᠠᠭ ᠨᠢᠯᠬ᠎ᠠ ᠶᠢᠨ ᠶᠠᠩᠵᠤ ᠪᠠᠷ ᠶᠢᠡᠨ

ᠳᠤᠯᠠᠭᠠᠬᠠᠨ ᠪᠠᠢ᠌ᠰᠢᠩ ᠳᠠᠭᠠᠨ ᠪᠠᠶᠠᠷᠳᠠᠢ ᠣᠴᠢᠵᠤ

ᠡᠮᠧ ᠲᠡᠶ ᠪᠠᠨ ᠵᠢᠯ ᠣᠷᠤᠬᠤ ᠰᠠᠢ᠌ᠬᠠᠨ

ᠡᠮᠰᠢᠭᠡᠷ ᠣᠷᠤᠭᠤᠯ ᠢ ᠨᠢ ᠠᠵᠢᠵᠤ

ᠡᠮᠧ ᠶᠢᠨ ᠶᠢᠡᠨ ᠭᠠᠷ ᠡᠴᠡ ᠴᠠᠢ ᠳᠤᠰᠬᠤ ᠰᠠᠢ᠌ᠬᠠᠨ

ᠦᠳᠡᠯᠤᠯ᠎ᠠ ᠭᠡᠤᠨ ᠡᠮᠧ ᠨᠠᠮ᠎ᠠ ᠪᠠᠷ

ᠦᠨᠡᠰᠤ ᠪᠠᠨ ᠭᠡᠭᠡᠯᠭᠡᠭᠦ ᠶᠤᠮ ᠪᠢᠰᠢ ᠳᠡ

ᠡᠪᠠᠦᠡᠴᠢᠯᠡᠯ᠎ᠡ ᠭᠡᠤᠨ ᠡᠮᠧ ᠨᠠᠮ᠎ᠠ ᠪᠠᠷ

ᠦᠨᠢᠶ᠎ᠡ ᠪᠠᠨ ᠰᠠᠭᠠᠯᠭᠠᠬᠤ ᠶᠤᠮ ᠪᠢᠰᠢ ᠳᠡ

ᠦᠵᠡᠶ᠎ᠠ ᠯᠠ ᠭᠡᠵᠤ ᠦᠷ᠎ᠡ ᠨᠠᠮ᠎ᠠ ᠪᠠᠨ

ᠡᠳᠦᠷ ᠪᠦᠷᠢ ᠪᠠᠷᠠᠯᠠᠵᠤ

ᠦᠳᠡᠰᠢ ᠪᠣᠯᠭᠠᠨ ᠵᠡᠭᠦᠳᠦᠯᠡᠳᠡᠭ᠌ ᠳᠤᠨᠢ

ᠰᠥ᠋ ᠳᠠᠢ ᠨᠢᠯᠪᠣᠰᠤ ᠶᠢ ᠨᠢ ᠳᠤᠰᠤᠯᠠᠭᠤᠯᠬᠤ ᠥᠭᠡᠢ ᠭᠡᠵᠤ

ᠡᠮᠧ ᠲᠡᠶ ᠪᠠᠨ ᠵᠢᠯ ᠣᠷᠤᠬᠤ ᠰᠠᠢ᠌ᠬᠠᠨ

ᠥᠷᠭᠡᠨ ᠬᠤᠷᠸ᠎ᠠ ᠶᠢᠨ ᠭᠤᠨᠢᠭ ᠵᠤᠪᠠᠯᠠᠩ ᠢ ᠮᠠᠷᠳᠠᠵᠤ

ᠦᠪᠡᠷ ᠤᠨ ᠨᠤᠳᠤᠭ ᠲᠠᠭᠠᠨ ᠡᠮᠧ ᠳᠡᠭᠡᠨ ᠵᠤᠯᠭᠠᠬᠤ ᠰᠠᠢ᠌ᠬᠠᠨ


ᠵᠢᠯ ᠣᠷᠤᠬᠤ ᠰᠢᠯᠦᠭ᠌


᠊᠊᠊᠊᠊᠊᠊᠊᠊᠊᠊᠊᠊᠊᠊᠊᠊᠊᠊᠊᠊᠊᠊ ᠦᠪᠡᠷ ᠲᠡᠭᠡᠨ ᠵᠤᠷᠢᠭᠤᠯᠬᠤ ᠰᠢᠯᠦᠭ᠌


ᠥᠭᠡᠷ ᠰᠢᠭ᠌ ᠮᠥᠭᠡᠷᠡᠯᠳᠦᠭᠦ ᠭᠡᠵᠤ

ᠳᠡᠭ᠍ᠷᠢ ᠶᠢᠨ ᠠᠶᠠᠯᠭᠤ ᠠᠨᠢᠷᠳᠠᠨᠠᠮ

ᠥᠭᠡᠷ ᠰᠢᠭ᠌ ᠮᠥᠷᠭᠦᠯᠳᠦᠭᠦ ᠭᠡᠵᠤ

ᠭᠠᠵᠠᠷ ᠤᠨ ᠭᠡᠰᠢᠭ᠌ ᠰᠠᠴᠤᠨᠠᠮ

ᠡᠪ ᠤᠨ ᠬᠠᠢ᠌ᠴᠢ ᠪᠠᠷ ᠠᠮᠢᠳᠤᠷᠠᠯ ᠢ

ᠭᠤᠴᠢᠨ ᠳᠤᠯᠤᠭ᠎ᠠ ᠡᠰᠭᠡᠨᠡᠮ

ᠭᠤᠴᠢᠨ ᠳᠤᠯᠤᠭ᠎ᠠ ᠥᠭᠡᠳᠡᠰᠤᠨ ᠳ᠋ᠤᠨᠢ

ᠭᠤᠮᠤᠳᠠᠯ ᠳᠠᠯᠠᠷᠬᠠᠯ ᠬᠠᠩᠭᠢᠨᠠᠨᠠᠮ

ᠵᠤᠬᠢᠶᠠᠭᠴᠢ᠄ ᠰ·ᠡᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2889
ᠴᠠᠭ᠄ 2008 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ