ᠨᠡᠪᠲᠡᠷᠡᠨ ᠤᠷᠤᠬᠤ
ᠳᠤᠰᠤ ᠨᠡᠮᠡᠭ᠍ᠴᠢ ᠪᠦᠰᠡᠭᠦᠢ

ᠳᠤᠰᠤ ᠨᠡᠮᠡᠭᠦ ᠥᠷᠳᠡᠭᠡ ᠵᠢᠨ

ᠳᠤᠷᠮᠤᠭᠤᠷ ᠪᠦᠰᠡᠭᠦᠢ ᠶᠢ ᠳᠠᠭᠤᠯᠠᠶ᠎ᠠ

ᠳᠤᠭᠤᠰᠤᠳᠤ ᠬᠤᠷᠸ᠎ᠠ ᠶᠢᠨ ᠡᠯᠢᠭᠡᠨ ᠳᠤ

ᠳᠤᠳᠤ ᠬᠠᠷᠠᠭᠳᠠᠳᠠᠯ᠎ᠠ ᠳᠠᠭᠤᠯᠠᠶ᠎ᠠ

ᠣᠯᠠᠭᠠᠨ ᠰᠤᠳᠠᠰᠤ ᠬᠠᠪᠴᠢᠭᠤᠯᠠᠭᠰᠠᠨ

ᠭᠦᠭᠡ ᠬᠤᠪᠴᠠᠰᠤ ᠶᠢ ᠨᠢ ᠪᠣᠯᠪᠠᠴᠤ

ᠣᠯᠠᠭᠠᠨ ᠪᠣᠳᠠᠩᠳᠤ ᠬᠤᠷᠸ᠎ᠠ ᠳᠤ

ᠠᠭᠤᠰᠴᠤ ᠠᠷᠢᠯᠳᠠᠯ᠎ᠠ ᠳᠠᠭᠤᠯᠠᠶ᠎ᠠ

ᠪᠣᠷᠵᠢ᠌ᠯᠭᠠᠵᠤ ᠳᠠᠯᠪᠢᠭᠰᠠᠨ

ᠰᠢᠷᠭᠠᠯ ᠣᠯᠠᠪᠢᠷ ᠭᠡᠵᠢᠭᠡ ᠨᠢ

ᠪᠣᠳᠤᠯ ᠪᠣᠳᠤᠯ ᠤᠨ ᠭᠦᠨ ᠢ

ᠰᠡᠷᠪᠠᠭᠡᠨᠡᠭᠦᠯᠵᠤ ᠣᠴᠢᠳᠠᠯ᠎ᠠ ᠳᠠᠭᠤᠯᠠᠶ᠎ᠠ

ᠪᠣᠳᠤᠭᠠᠤᠨ ᠵᠢᠭᠢᠯᠭᠡᠭ᠍ᠰᠡᠨ

ᠣᠷᠳᠤᠬᠠᠨ ᠬᠠᠷ᠎ᠠ ᠰᠤᠷᠮᠤᠰᠤᠨ ᠳ᠋ᠤᠨᠢ

ᠪᠣᠷᠤᠭᠠᠨ ᠳᠤ ᠳᠠᠭᠵᠢᠭᠰᠠᠨ ᠭᠦᠮᠤᠨ

ᠪᠣᠯᠵᠤᠵᠤ ᠵᠤᠭᠰᠤᠳᠠᠯ᠎ᠠ ᠳᠠᠭᠤᠯᠠᠶ᠎ᠠ

ᠴᠠᠢ᠌ᠷᠠᠭᠤᠯᠴᠢᠬᠠᠮᠠᠷ ᠢᠷᠠᠯᠵᠠᠭᠰᠠᠨ

ᠴᠠᠭᠠᠨ ᠯᠠᠪᠠᠢ ᠰᠢᠳᠤ ᠶᠢ ᠨᠢ

ᠬᠠᠢ᠌ᠯᠠᠭᠤᠯᠴᠢᠬᠠᠮᠠᠷ ᠳᠤᠨᠤᠷᠠᠭᠰᠠᠨ

ᠬᠠᠷᠠᠬᠠᠨ ᠨᠢᠳᠤ ᠲᠡᠶ ᠨᠢ ᠳᠠᠭᠤᠯᠠᠶ᠎ᠠ

ᠳᠠᠭᠠᠷᠢᠭᠤᠯᠴᠢᠬᠠᠮᠠᠷ ᠢᠷᠡᠭ᠍ᠰᠡᠨ

ᠳᠡᠷᠭᠡ ᠣᠨᠤᠭ᠎ᠠ ᠪᠦᠭᠦᠨ ᠢ

ᠵᠠᠢ᠌ᠯᠠᠭᠤᠯᠴᠢᠬᠠᠮᠠᠷ ᠳᠦᠷᠦᠭ᠍ᠰᠡᠨ

ᠳᠡᠭ᠍ᠰᠢᠭᠡᠨ ᠪᠠᠶ᠎ᠠ ᠶᠢ ᠨᠢ ᠳᠠᠭᠤᠯᠠᠶ᠎ᠠ

ᠬᠠᠢ᠌ᠳᠠᠩ ᠴᠡᠴᠡᠭ᠌ ᠤᠨ ᠥᠩᠭᠡᠳᠡᠢ

ᠨᠢᠮᠭᠡᠨ ᠶᠠᠭᠠᠨ ᠣᠷᠤᠭᠤᠯ ᠡᠴᠡ

ᠬᠠᠢ᠌ᠷᠳᠠᠢ ᠭᠡᠰᠡᠨ ᠥᠭᠡ

ᠨᠢᠰᠤᠨ ᠭᠠᠷᠳᠠᠯ᠎ᠠ ᠳᠠᠭᠤᠯᠠᠶ᠎ᠠ

ᠬᠠᠴᠠᠷ ᠳᠡᠭᠡᠷ᠎ᠡ ᠨᠢ ᠳᠤᠳᠤᠷᠠᠭᠰᠠᠨ

ᠬᠠᠢ᠌ᠷᠬᠠᠨ ᠬᠤᠶᠠᠷ ᠬᠤᠠᠳᠠᠭ᠎ᠠ ᠶᠢ ᠨᠢ

ᠬᠠᠯᠠᠰᠠᠭᠤ ᠰᠤᠭᠳᠤᠭᠤ ᠭᠡᠨ ᠨᠢ

ᠬᠠᠠᠳᠤᠷᠴᠤ ᠳᠠᠷᠤᠳᠠᠯ᠎ᠠ ᠳᠠᠭᠤᠯᠠᠶ᠎ᠠ

ᠠᠯᠬᠤᠭ᠎ᠠ ᠲᠠᠭᠠᠨ ᠳᠦᠪᠦᠯᠵᠡᠭ᠍ᠰᠡᠨ

ᠠᠯᠠᠭ᠎ᠠ ᠳᠦᠭᠦᠷᠡᠩ ᠴᠡᠭᠡᠵᠢ ᠶᠢ ᠨᠢ

ᠬᠠᠯᠬᠠᠭ᠎ᠠ ᠳᠠᠷᠤᠨ ᠰᠡᠪᠢᠯᠵᠡᠭ᠍ᠰᠡᠨ

ᠠᠯᠠᠭ ᠡᠷᠢᠶᠡᠨ ᠪᠩᠵᠠᠯ ᠢ ᠨᠢ

ᠭᠡᠯᠭᠢᠶ᠎ᠡ ᠰᠤᠠᠳᠤᠷ ᠤᠨ ᠴᠢᠮᠡᠭ᠌ ᠲᠡᠶ

ᠬᠤᠨ ᠴᠠᠭᠠᠨ ᠭᠦᠵᠦᠭᠦᠤ ᠶᠢ ᠨᠢ

ᠳᠦᠯᠭᠢᠭᠡ ᠳᠠᠳᠠᠨ ᠮᠢᠳᠠᠯᠵᠠᠭᠰᠠᠨ

ᠬᠤᠠᠳᠤᠯᠠᠢ ᠪᠠᠯᠭᠡᠭᠦᠰᠤ ᠶᠢᠨ ᠳᠤᠶ‍ᠢᠬᠠᠨ ᠢ ᠨᠢ

ᠦᠨᠡᠨ ᠶᠤᠮᠰᠢᠭ ᠵᠢᠷᠤᠭᠰᠠᠨ

ᠥᠭᠡᠳᠡᠩ ᠬᠠᠷ᠎ᠠ ᠭᠦᠮᠦᠰᠭᠡ ᠶᠢ ᠨᠢ

ᠬᠤᠳᠠᠯ ᠮᠠᠳᠤ ᠰᠡᠢ᠌ᠮᠡᠭᠡᠢ

ᠬᠤᠠᠳᠠᠨ ᠣᠯᠠᠭᠠᠨ ᠬᠠᠠᠵᠢᠶᠠᠷ ᠢ ᠨᠢ

ᠣᠢ᠌ᠮᠤᠰᠤ ᠦᠭᠡᠶ ᠭᠦᠯ ᠤᠨ ᠭᠢᠨᠢ

ᠣᠯᠠᠭᠠᠨ ᠭᠢᠮᠤᠰᠤᠳᠤ ᠬᠤᠷᠤᠭᠤ ᠶᠢ ᠨᠢ

ᠣᠭ ᠣᠢ᠌ᠯᠠᠳᠪᠣᠷᠢ ᠡᠴᠡ ᠢᠷᠠᠯ ᠲᠡᠶ

ᠣᠷᠠᠨ ᠴᠠᠭᠠᠨ ᠰᠢᠯᠪᠢ ᠶᠢ ᠨᠢ

ᠭᠡᠳᠡᠷᠭᠦ ᠳᠤᠰᠳᠠᠭ ᠪᠣᠯᠪᠠᠴᠤ

ᠭᠡᠮ ᠦᠭᠡᠶ ᠴᠠᠢ᠌ᠯᠭᠠᠨ ᠥᠭᠡ ᠶᠢ ᠨᠢ

ᠭᠡᠨᠡᠨ ᠠᠰᠪᠣᠷᠢ ᠵᠠᠩ ᠶᠢ ᠨᠢ

ᠭᠡᠳᠡᠭᠡᠯᠡᠵᠤ ᠪᠠᠢ᠌ᠬᠤ ᠮᠠᠳᠤ ᠢᠨᠢᠶᠠᠳᠤ ᠶᠢ ᠨᠢ

ᠨᠢᠳᠤᠷᠭ᠎ᠠ ᠳᠠᠯᠠᠢ᠌ᠳᠠᠭ ᠪᠣᠯᠪᠠᠴᠤ

ᠨᠢᠳᠤ ᠲᠡᠶ ᠪᠠᠨ ᠠᠳᠠᠯᠢ ᠵᠥᠭᠡᠯᠡᠨ ᠢ ᠨᠢ

ᠨᠢᠭᠡ ᠱᠠᠭᠠᠯᠭᠠᠬᠤ ᠪᠠᠢ᠌ᠳᠤᠭᠠᠢ

ᠨᠠᠢ᠌ᠳᠠᠮ ᠱᠠᠭᠠᠯᠭᠠᠮᠠᠷ ᠠᠪᠣᠷᠢ ᠶᠢ ᠨᠢ

ᠣᠯᠤᠰ ᠤᠨ ᠨᠢᠳᠤ ᠶᠢ ᠬᠤᠷᠢᠶᠠᠭᠰᠠᠨ

ᠣᠷᠭᠠᠴᠢᠨ ᠡᠨᠡ ᠪᠦᠰᠡᠭᠦᠢ ᠶᠢ

ᠣᠠᠳᠠᠬᠤ ᠨᠣᠢ᠌ᠷ ᠶᠢ ᠡᠰᠭᠡᠭ᠍ᠰᠡᠨ

ᠣᠷᠯᠢᠭᠴᠢᠨ ᠡᠨᠡ ᠪᠦᠰᠡᠭᠦᠢ ᠶᠢ

ᠬᠠᠳᠠ ᠮᠠᠳᠤ ᠪᠠᠶ᠎ᠠ ᠶᠢ ᠣᠢ᠌ᠷᠠᠳᠤᠭᠤᠯᠤᠭᠰᠠᠨ

ᠰᠤᠷᠢᠠᠵᠢᠨ ᠰᠢᠭ ᠡᠨᠡ ᠪᠦᠰᠡᠭᠦᠢ ᠶᠢ

ᠬᠠᠳᠠᠭᠰᠠᠨ ᠳᠡᠷᠭᠡᠨ ᠳᠤ ᠳᠤᠰᠤ ᠶᠡᠭᠦᠯᠡᠭ᠍ᠰᠡᠨ

ᠰᠤᠪᠢᠯᠠᠭᠴᠢ ᠰᠢᠭ ᠡᠨᠡ ᠪᠦᠰᠡᠭᠦᠢ ᠶᠢ

ᠰᠢᠯᠦᠭ᠌ ᠢ ᠣᠩᠰᠢᠭᠰᠠᠨ ᠭᠦᠮᠤᠨ ᠤ

ᠰᠢᠯᠤᠰᠤ ᠶᠢ ᠬᠤᠷᠠᠳᠠᠯ᠎ᠠ ᠳᠠᠭᠤᠯᠠᠶ᠎ᠠ

ᠰᠢᠭᠦᠷ ᠮᠠᠳᠤ ᠳᠡᠭᠡᠪᠦᠷ ᠳᠤᠤᠷ᠎ᠠ ᠨᠢ

ᠰᠢᠭᠢᠳᠦᠭᠡᠳ ᠳᠤᠰᠳᠠᠯ᠎ᠠ ᠨᠢ ᠳᠠᠭᠤᠯᠠᠶ᠎ᠠ

ᠠᠭᠰᠠᠭ᠎ᠠ ᠬᠠᠭᠤᠴᠢᠨ ᠲᠡᠶ ᠨᠢᠭᠡ ᠶᠢ ᠨᠢ

ᠠᠯᠠᠭᠠᠳᠠᠭᠤᠯᠵᠤ ᠳᠠᠪᠳᠠᠭᠤᠯᠳᠠᠯ᠎ᠠ ᠳᠠᠭᠤᠯᠠᠶ᠎ᠠ

ᠠᠷᠠᠢ ᠵᠠᠯᠠᠭᠤ ᠵᠠᠷᠢᠮ ᠢ ᠨᠢ

ᠠᠰᠠᠭᠤᠵᠤ ᠡᠷᠢᠳᠡᠯ᠎ᠡ ᠳᠠᠭᠤᠯᠠᠶ᠎ᠠ

ᠭᠡᠯᠡᠯᠴᠡᠵᠤ ᠪᠠᠢ᠌ᠨ᠎ᠠ ᠭᠡᠵᠤ ᠵᠤᠭᠰᠤᠭᠰᠠᠨ

ᠭᠡᠷᠡᠭ᠌ ᠦᠭᠡᠶ ᠳᠠᠷᠠ ᠵᠠᠯᠠᠭᠤ ᠶᠢ ᠨᠢ

ᠭᠡᠷᠡᠮ ᠤᠨ ᠳᠡᠭᠡᠭᠦᠷ ᠭᠠᠭᠴᠠᠬᠠᠨ

ᠴᠤᠭᠢᠭᠠᠤᠨ ᠭᠠᠷᠭᠠᠳᠠᠯ᠎ᠠ ᠳᠠᠭᠤᠯᠠᠶ᠎ᠠ

ᠭᠡᠰᠦᠭᠦᠯ ᠶᠠᠪᠣᠭᠤᠯ ᠣᠯᠠᠨ

ᠭᠡᠪ ᠶᠤᠵᠤ ᠦᠭᠡᠶ ᠳᠡᠷᠭᠡ ᠤᠳ ᠢ

ᠭᠡᠷᠡᠭᠦᠯᠴᠢ ᠨᠢᠭᠡ ᠨᠢ ᠢᠷᠡᠭᠡᠳ

ᠭᠦᠭᠡᠭᠡᠳ ᠶᠠᠪᠣᠭᠤᠯᠳᠠᠯ᠎ᠠ ᠳᠠᠭᠤᠯᠠᠶ᠎ᠠ

ᠥᠴᠦᠭᠡᠳᠦᠷᠭᠡᠨ ᠬᠠᠷᠠᠭᠰᠠᠨ

ᠳᠠᠷᠠ ᠪᠦᠰᠡᠭᠦᠢ ᠶᠢᠨ ᠳᠠᠠᠳᠠ

ᠡᠳᠦᠷ ᠡᠳᠦᠷ ᠣᠴᠢᠭᠠᠤᠨ

ᠳᠤᠰᠤ ᠨᠡᠮᠡᠭᠡᠳ ᠪᠠᠢ᠌ᠮᠠᠷ

ᠦᠪᠡᠷ ᠤᠨ ᠰᠢᠨ᠎ᠠ ᠮᠠᠰᠢᠨ ᠤ

ᠳᠤᠰᠤᠨ ᠬᠠᠢ᠌ᠷᠴᠠᠭ ᠶᠢᠡᠨ ᠴᠤᠭᠤᠯᠴᠢᠬᠠᠭᠠᠤᠨ

ᠦᠨᠦ ᠴᠤᠷᠭᠤ ᠶᠢ ᠨᠢ ᠰᠢᠭᠠᠯᠭᠠᠤᠨ

ᠦᠨᠢᠳᠠ ᠵᠤᠭᠰᠤᠭᠠᠤᠨ ᠪᠠᠢ᠌ᠮᠠᠷ

ᠳᠦᠷᠪᠡᠨ ᠭᠦᠷᠳᠦᠳᠤ ᠳᠡᠷᠭᠡᠨ ᠳᠡᠭᠡᠨ

ᠳᠤᠰᠤ ᠨᠡᠮᠡᠭᠦ ᠪᠠᠢ᠌ᠳᠤᠭᠠᠢ

ᠳᠦᠷᠠᠯᠵᠢᠵᠤ ᠪᠠᠢ᠌ᠭ᠎ᠠ ᠵᠢᠷᠦᠭᠡᠨ ᠳᠡᠭᠡᠨ

ᠳᠦᠭᠦᠷᠡᠩ ᠳᠤᠰᠤ ᠠᠰᠬᠠᠮᠠᠷ

ᠬᠠᠯᠠᠭᠤᠨ ᠵᠢᠷᠦᠭᠡ ᠡᠴᠡ ᠮᠢᠨᠢ ᠡᠭᠢᠯᠡᠵᠤ

ᠬᠠᠮᠤᠭ ᠪᠠᠶ᠎ᠠ ᠮᠢᠨᠢ ᠰᠢᠳᠠᠭᠰᠠᠨ ᠴᠤ

ᠬᠠᠯᠠᠬᠠᠢ ᠭᠡᠮᠡᠨ ᠪᠠᠷᠭᠢᠷᠠᠬᠤ ᠦᠭᠡᠶ

ᠬᠠᠨᠤᠰᠢ ᠦᠭᠡᠶ ᠳᠡᠭᠦᠨ ᠢ ᠰᠢᠷᠳᠠᠮᠠᠷ

ᠬᠠᠷᠢᠨ ᠨᠠᠳᠠ ᠡᠴᠡ ᠥᠷᠢᠰᠦᠭ᠍ᠰᠡᠨ

ᠬᠠᠢ᠌ᠷ᠎ᠠ ᠶᠢᠨ ᠰᠤᠷ ᠲᠡᠶ ᠭᠠᠯ

ᠬᠠᠮᠤᠭ ᠳᠤᠰᠤᠨ ᠳᠤ ᠴᠢᠨᠢ ᠵᠤᠯᠭᠠᠭᠠᠤᠨ

ᠬᠠᠷ᠎ᠠ ᠠᠶᠤᠯ ᠳᠠᠷᠢᠪᠠᠯ

ᠬᠠᠷ᠎ᠠ ᠠᠶᠤᠯ ᠤᠨ ᠳᠤᠮᠳᠠ

ᠬᠠᠢ᠌ᠷᠢᠨ ᠴᠢ ᠮᠢᠨᠢ ᠰᠢᠳᠠᠪᠠᠯ

ᠬᠠᠷ᠎ᠠ ᠭᠡᠷ ᠡᠴᠡ ᠠᠰᠳᠠᠭᠠᠨ

ᠬᠠᠮᠢᠭ᠎ᠠ ᠪᠠᠨ ᠪᠢ ᠣᠴᠢᠬᠤ ᠪᠣᠢ︖

ᠣᠴᠢᠷ ᠤᠨ ᠭᠦᠨ ᠢ ᠮᠡᠳᠡᠭ᠍ᠰᠡᠨ

ᠣᠬᠠᠭᠠᠨ ᠲᠡᠶ ᠭᠦᠮᠤᠨ ᠪᠣᠯᠬᠤᠷ

ᠣᠯᠠᠢ᠌ᠭᠰᠠᠨ ᠵᠢᠷᠦᠭᠡᠨ ᠳᠡᠭᠡᠨ ᠡᠳᠦᠢ ᠳᠤ

ᠣᠰᠤ ᠴᠢᠤᠠᠬᠤᠬᠤ ᠡᠴᠡ ᠪᠣᠴᠠᠬᠤ ᠦᠭᠡᠶ

ᠠᠭᠤᠷ ᠣᠳᠤᠭ᠎ᠠ ᠪᠦᠭᠦᠨ ᠢ ᠨᠢ

ᠣᠠᠳᠠᠷᠭᠠᠵᠤ ᠬᠠᠶᠠᠬᠤ ᠡᠴᠡ ᠨᠢᠴᠤᠬᠤ ᠦᠭᠡᠶ

ᠣᠭᠵᠤᠮ ᠢᠷᠡᠭ᠍ᠰᠡᠨ ᠰᠡᠷᠢᠭᠦᠨ ᠳᠤ

ᠣᠠᠴᠠ ᠳᠡᠭᠡᠵᠤ ᠰᠤᠴᠢᠬᠤ ᠦᠭᠡᠶ

ᠳᠡᠭᠡᠪᠠᠴᠤ ᠶᠠᠷᠤᠨᠢ ᠳᠡᠭᠦᠨ ᠢ

ᠳᠡᠰᠭᠡᠯ ᠦᠭᠡᠶ ᠳᠠᠭᠤᠯᠠᠨᠠᠮ

ᠳᠡᠭ᠍ᠰᠢ ᠭᠠᠯᠪᠢᠷ ᠥᠩᠭᠡ ᠶᠢ ᠨᠢ

ᠳᠡᠭᠦᠰᠭᠡᠯ ᠦᠭᠡᠶ ᠳᠠᠭᠤᠯᠠᠨᠠᠮ

ᠳᠡᠷᠡᠭᠡᠨ ᠡᠳᠦᠷ ᠠᠭᠤᠯᠵᠠᠭᠰᠠᠨ

ᠳᠡᠭᠦᠰ ᠰᠠᠢ᠌ᠬᠠᠨ ᠪᠦᠰᠡᠭᠦᠢ ᠶᠢ

ᠳᠠᠪᠠᠷᠢᠵᠤ ᠠᠪᠬᠤ ᠡᠴᠡ ᠨᠠᠭᠠᠨ᠎ᠠ ᠦᠭᠡᠶ

ᠳᠠᠪᠠᠨᠠ ᠣᠷᠤᠬᠤ ᠦᠭᠡᠶ ᠳᠠᠭᠤᠯᠠᠨᠠᠮ

ᠵᠠ ᠶᠠᠭᠠᠭᠢᠬᠤ ᠪᠣᠢ᠂ ᠬᠠᠰᠢᠯᠠ

ᠵᠢᠭᠠᠬᠠᠨ ᠪᠦᠰᠡᠭᠦᠢ ᠶᠢ ᠳᠠᠭᠤᠯᠠᠶ᠎ᠠ

ᠵᠠᠮ ᠤᠨ ᠵᠠᠬ᠎ᠠ ᠶᠢᠨ ᠥᠷᠳᠡᠭᠡᠨ ᠳᠤ

ᠵᠠᠷᠤᠭᠳᠠᠭᠰᠠᠨ ᠪᠦᠰᠡᠭᠦᠢ ᠶᠢ ᠳᠠᠭᠤᠯᠠᠶ᠎ᠠ

ᠵᠢᠪᠠᠷ ᠤᠨ ᠳᠤᠤᠷ᠎ᠠ ᠥᠨᠦᠰᠳᠡᠭᠦ

ᠵᠠᠯᠠᠭᠤ ᠨᠠᠰᠤ ᠶᠢ ᠨᠢ ᠳᠠᠭᠤᠯᠠᠶ᠎ᠠ

ᠵᠢᠭᠠᠬᠠᠨ ᠮᠠᠭᠤᠬᠠᠢ ᠥᠳᠡᠯᠦᠭ᠍ᠰᠡᠨ ᠴᠤ

ᠵᠢᠷᠭᠠᠯ ᠭᠡᠮᠡᠨ ᠳᠠᠭᠤᠯᠠᠶ᠎ᠠ ︕

ᠵᠤᠬᠢᠶᠠᠭᠴᠢ᠄ ᠪᠠ᠊·ᠨᠡᠭᠦᠳᠡᠯᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2631
ᠴᠠᠭ᠄ 2009 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ