☆ ᠯᠢ ᠭᠡᠷᠡᠯ
ᠨᠢᠭᠡᠳᠦᠭᠡᠷ ᠣᠨ ᠳᠤ ᠳᠡᠪᠢᠰᠭᠡᠷ ᠥᠰᠦᠭ᠌ ᠢ ᠵᠢᠭᠠᠭᠰᠠᠨ ᠡᠷᠭᠢᠴᠡᠭᠦᠯᠦᠯ
ᠳᠡᠪᠢᠰᠭᠡᠷ ᠥᠰᠦᠭ᠌ ᠪᠣᠯ ᠦᠶ᠎ᠡ ᠶᠢᠨ ᠳᠤᠤᠷ᠎ᠠ ᠳᠡᠪᠢᠰᠭᠡᠷᠯᠡᠨ ᠣᠷᠤᠳᠠᠭ ᠶᠠᠮᠠᠷ ᠴᠤ ᠣᠤᠠᠬ᠎ᠠ ᠦᠭᠡᠶ ᠥᠰᠦᠭ᠌ ᠪᠣᠯᠬᠤᠷ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠤ ᠰᠤᠷᠤᠭᠴᠢᠳ ᠲᠤ ᠵᠢᠭᠠᠨ ᠰᠤᠷᠭᠠᠬᠤ ᠳᠤ ᠳᠤᠩ ᠭᠦᠴᠢᠷᠳᠡᠯᠳᠡᠢ ᠠᠭᠤᠯᠭ᠎ᠠ ᠪᠣᠯᠬᠤ ᠶᠤᠮ᠃ ᠡᠢ᠌ᠮᠤ ᠡᠴᠡ ᠪᠠᠭᠰᠢ ᠡᠴᠡ ᠵᠢᠭᠠᠨ ᠰᠤᠷᠭᠠᠬᠤ ᠳᠤ ᠪᠠᠨ ᠪᠠᠭ᠎ᠠ ᠬᠡᠦᠬᠡᠳ ᠤᠨ ᠣᠠᠴᠠᠯᠢᠭ ᠪᠠ ᠭᠦᠯᠢᠶᠡᠨ ᠠᠪᠬᠤ ᠴᠢᠳᠠᠪᠣᠷᠢ ᠳᠤ ᠨᠢ ᠳᠤᠭᠢᠷᠠᠭᠤᠯᠤᠨ ᠠᠳᠠᠯᠢᠤᠠᠬᠠᠨ ᠬᠠᠷᠢᠴᠠᠭᠤᠯᠬᠤ ᠵᠡᠷᠭᠡ ᠠᠷᠭ᠎ᠠ ᠶᠢ ᠠᠪᠴᠤ ᠠᠮᠢᠳᠤᠯᠢᠭ ᠵᠢᠭᠠᠪᠠᠯ ᠰᠠᠶᠢ ᠥᠰᠦᠭᠯᠡᠯ ᠤᠨ ᠪᠣᠭᠤᠮᠳᠠ ᠶᠢ ᠠᠮᠠᠷᠬᠠᠨ ᠳᠠᠪᠠᠵᠤ ᠳᠡᠢ᠌ᠯᠭᠦ ᠶᠤᠮ᠃ ᠳᠤᠤᠷ᠎ᠠ ᠪᠢ ᠨᠢᠭᠡᠳᠦᠭᠡᠷ ᠣᠨ ᠤ ᠰᠤᠷᠤᠭᠴᠢᠳ ᠲᠤ ᠳᠡᠪᠢᠰᠭᠡᠷ ᠥᠰᠦᠭ᠌ ᠢ ᠵᠢᠭᠠᠭᠰᠠᠨ ᠳᠤᠬᠠᠢ ᠡᠷᠭᠢᠴᠡᠭᠦᠯᠦᠯ ᠭᠢᠶ᠎ᠠ᠃
ᠨᠢᠭᠡ᠂ ᠣᠩᠰᠢᠯᠭ᠎ᠠ ᠶᠢᠨ ᠢᠯᠭᠠᠭ᠎ᠠ ᠶᠢ ᠮᠡᠳᠡᠭᠦᠯᠵᠤ ᠵᠦᠪ ᠣᠩᠰᠢᠭᠤᠯᠵᠤ ᠰᠤᠷᠭᠠᠬᠤ
ᠶᠠᠭᠤᠨ ᠤ ᠡᠮᠦᠨ᠎ᠡ ᠥᠭᠡ ᠰᠤᠨᠤᠰᠬᠠᠵᠤ ᠳᠡᠪᠢᠰᠭᠡᠷ ᠥᠰᠦᠭ᠌ ᠢ ᠡᠷᠢᠭᠦ ᠠᠷᠭ᠎ᠠ ᠪᠠᠷ ᠣᠭᠳᠤᠪᠣᠷᠢ ᠡᠭᠡᠰᠢᠭ᠌ ᠲᠡᠶ ᠣᠩᠰᠢᠬᠤ ᠶᠢ ᠴᠢᠬᠤᠯᠠᠴᠢᠯᠠᠨ ᠮᠡᠳᠡᠭᠦᠯᠦᠨ᠎ᠡ᠃ ᠳᠠᠷᠠᠭ᠎ᠠ ᠨᠢ ᠪᠠᠭᠰᠢ ᠡᠴᠡ ᠠᠮᠠᠨ ᠤ ᠭᠦᠳᠡᠯᠭᠡᠭᠡᠨ ᠶᠢᠡᠨ ᠥᠵᠡᠭᠦᠯᠵᠤ ᠳᠠᠭᠠᠭᠤᠯᠤᠨ ᠣᠩᠰᠢᠭᠤᠯᠤᠨ᠎ᠠ᠃ ᠵᠢᠱᠢᠶᠠᠯᠠᠪᠠᠯ ᠄ 《᠊ᠨ》 en ᠳᠡᠪᠢᠰᠭᠡᠷ ᠭᠡᠵᠢᠭᠡ ᠣᠷᠭᠤᠪᠠᠯ 《᠊ᠮ》 em ᠳᠡᠪᠢᠰᠭᠡᠷ ᠭᠡᠵᠤ ᠣᠩᠰᠢᠨ᠎ᠠ᠃ 《᠊ᠮ》 ᠳᠡᠪᠢᠰᠭᠡᠷ ᠭᠡᠵᠢᠭᠡ ᠪᠠᠨ ᠠᠪᠣᠪᠠᠯ 《᠊ᠨ》 ᠳᠡᠪᠢᠰᠭᠡᠷ ᠪᠣᠯᠴᠢᠬᠠᠨ᠎ᠠ ᠭᠡᠭᠦ ᠮᠠᠳᠤ ᠪᠠᠷ ᠠᠮᠢᠳᠤᠯᠢᠭ ᠳᠠᠨᠢᠭᠤᠯᠵᠤ ᠢᠯᠭᠠᠭ᠎ᠠ ᠲᠡᠶ ᠣᠩᠰᠢᠭᠤᠯᠵᠤ ᠰᠤᠷᠭᠠᠨ᠎ᠠ᠃
ᠬᠤᠶᠠᠷ᠂ ᠳᠡᠪᠢᠰᠭᠡᠷ ᠥᠰᠦᠭ᠌ ᠢ ᠡᠭᠡᠰᠢᠭ᠌ ᠳᠤᠯᠤᠭᠠᠨ ᠥᠰᠦᠭ᠌ ᠲᠤ ᠵᠠᠯᠭᠠᠨ ᠦᠶ᠎ᠡ ᠪᠣᠯᠭᠠᠨ ᠡᠵᠡᠮᠰᠢᠭᠦᠯᠭᠦ
ᠲ᠋ᠡᠪᠢᠰᠭᠡᠷ ᠥᠰᠦᠭ᠌ ᠢ ᠦᠶ᠎ᠡ ᠪᠠ ᠥᠭᠡ ᠶᠢᠨ ᠳᠤᠮᠳᠠ ᠳᠠᠨᠢᠭᠤᠯᠵᠤ ᠰᠤᠷᠭᠠᠪᠠᠯ ᠰᠠᠶᠢ ᠪᠠᠳᠤᠳᠠᠢ ᠡᠵᠡᠮᠰᠢᠭᠦᠯᠵᠤ ᠴᠢᠳᠠᠬᠤ ᠶᠤᠮ᠃ ᠵᠢᠱᠢᠶᠠᠯᠠᠪᠠᠯ ᠄ 《ᠡᠪᠠᠦᠡᠴᠢᠯᠡᠪᠠᠯ ᠡᠮ ᠣᠤᠭᠤᠨ᠎ᠠ》 ᠭᠡᠳᠡᠭ᠌ ᠤᠨ 《ᠡᠮ》 ᠭᠡᠭᠦ ᠥᠭᠡ ᠶᠢᠨ ᠠᠳᠠᠭ ᠲᠤ ᠶᠠᠮᠠᠷ ᠠᠪᠢᠶ᠎ᠠ ᠰᠤᠨᠤᠰᠳᠠᠵᠤ ᠪᠠᠢ᠌ᠬᠤ ᠪᠣᠢ ︖ 《ᠪᠢᠳᠠ ᠨᠢᠭᠡᠳᠦᠭᠡᠷ ᠣᠨ ᠤ ᠰᠤᠷᠤᠭᠴᠢ ᠪᠣᠯᠤᠯ᠎ᠠ》 ᠭᠡᠳᠡᠭ᠌ ᠤᠨ《ᠣᠨ》 ᠭᠡᠭᠦ ᠥᠭᠡ ᠶᠢᠨ ᠠᠳᠠᠭ ᠲᠤ ᠶᠠᠮᠠᠷ ᠠᠪᠢᠶ᠎ᠠ ᠰᠤᠨᠤᠰᠳᠠᠵᠤ ᠪᠠᠢ᠌ᠬᠤ ᠪᠣᠢ ︖ 《ᠡᠨᠡ ᠨᠤᠮ ᠢ ᠠᠪ》 ᠭᠡᠳᠡᠭ᠌ ᠤᠨ《ᠠᠪ》 ᠭᠡᠭᠦ ᠥᠭᠡ ᠶᠢᠨ ᠠᠳᠠᠭ ᠲᠤ ᠶᠠᠮᠠᠷ ᠠᠪᠢᠶ᠎ᠠ ᠰᠤᠨᠤᠰᠳᠠᠵᠤ ᠪᠠᠢ᠌ᠬᠤ ᠪᠣᠢ ︖ 《ᠪᠢᠷ ᠢ ᠨᠢ ᠥᠭ᠌》 ᠭᠡᠳᠡᠭ᠌ ᠤᠨ 《ᠥᠭ᠌》 ᠭᠡᠭᠦ ᠥᠭᠡ ᠶᠢᠨ ᠠᠳᠠᠭ ᠲᠤ ᠶᠠᠮᠠᠷ ᠠᠪᠢᠶ᠎ᠠ ᠰᠤᠨᠤᠰᠳᠠᠵᠤ ᠪᠠᠢ᠌ᠬᠤ ᠪᠣᠢ ᠭᠡᠭᠦ ᠮᠠᠳᠤ ᠪᠠᠷ ᠰᠤᠷᠤᠭᠴᠢ ᠪᠠᠷ ᠢᠯᠭᠠᠭᠤᠯᠪᠠᠯ 《᠊ᠮ ᠊ᠨ ᠊ᠪ ᠊ᠭ᠌》 ᠭᠡᠭᠦ ᠮᠠᠳᠤᠴᠢᠯᠠᠨ ᠳᠡᠪᠢᠰᠭᠡᠷ ᠥᠰᠦᠭ᠌ ᠢ ᠢᠯᠭᠠᠨ ᠮᠠᠳᠠᠵᠤ ᠯᠠᠪᠳᠠᠭᠤᠨ ᠪᠠᠳᠤᠳᠠᠢ ᠳᠠᠨᠢᠵᠤ ᠴᠢᠳᠠᠬᠤ ᠶᠤᠮ᠃
ᠭᠤᠷᠪᠠ᠂ ᠳᠡᠪᠢᠰᠭᠡᠷ ᠥᠰᠦᠭ᠌ ᠤᠨ ᠳᠤᠮᠳᠠ ᠣᠷᠤᠬᠤ ᠳᠦᠷᠰᠦ ᠶᠢ᠌ ᠠᠮᠢᠳᠤᠯᠢᠭ ᠳᠠᠨᠢᠭᠤᠯᠬᠤ
1᠂ ᠠᠳᠠᠭ ᠲᠤ ᠣᠷᠤᠬᠤ ᠳᠦᠷᠰᠦ ᠲᠡᠶ ᠠᠳᠠᠯᠢᠤᠠᠬᠠᠨ ᠬᠠᠷᠢᠴᠠᠭᠤᠯᠵᠤ ᠳᠠᠨᠢᠭᠤᠯᠬᠤ
ᠵᠢᠱᠢᠶᠠᠯᠠᠪᠠᠯ ᠄ ᠠᠳᠠᠭ ᠲᠤ ᠣᠷᠤᠬᠤ 《᠊ᠨ》 en ᠳᠡᠪᠢᠰᠭᠡᠷ ᠤᠨ ᠣᠷᠭᠢᠴᠠ ᠰᠡᠭᠦᠯ ᠨᠢ ᠠᠴᠤᠭ ᠨᠢᠷᠤᠭᠤ ᠬᠤᠪᠢᠯᠪᠠᠯ ᠳᠤᠮᠳᠠ ᠣᠷᠤᠬᠤ 《᠊ᠠ᠊》 en ᠳᠡᠪᠢᠰᠭᠡᠷ ᠪᠣᠯᠤᠨ᠎ᠠ᠃ ᠠᠳᠠᠭ ᠲᠤ ᠣᠷᠤᠬᠤ 《᠊ᠯ》 el ᠳᠡᠪᠢᠰᠭᠡᠷ ᠤᠨ ᠡᠷᠳᠡᠭᠡᠷ ᠰᠡᠭᠦᠯ ᠨᠢ ᠠᠴᠤᠭ ᠨᠢᠷᠤᠭᠤ ᠬᠤᠪᠢᠯᠵᠤ ᠡᠪᠠᠷ ᠣᠷᠭᠤᠪᠠᠯ ᠳᠤᠮᠳᠠ ᠣᠷᠤᠬᠤ 《᠊ᠯ᠊》 el ᠳᠡᠪᠢᠰᠭᠡᠷ ᠪᠣᠯᠤᠨ᠎ᠠ᠃ ᠠᠳᠠᠭ ᠲᠤ ᠣᠷᠤᠬᠤ 《᠊ᠪ》 eb ᠳᠡᠪᠢᠰᠭᠡᠷ ᠤᠨ ᠣᠷᠤᠭᠰᠢᠯᠠᠭ᠎ᠠ ᠨᠢ ᠨᠢᠷᠤᠭᠤ ᠬᠤᠪᠢᠯᠪᠠᠯ ᠳᠤᠮᠳᠠ ᠣᠷᠤᠬᠤ 《᠊ᠪ᠊》 eb ᠳᠡᠪᠢᠰᠭᠡᠷ ᠪᠣᠯᠤᠨ᠎ᠠ ᠭᠡᠭᠦ ᠮᠠᠳᠤ ᠪᠠᠷ ᠳᠠᠨᠢᠭᠤᠯᠪᠠᠯ ᠰᠤᠷᠤᠭᠴᠢᠳ ᠣᠷᠮ᠎ᠠ ᠪᠠᠬ᠎ᠠ ᠲᠡᠶ ᠪᠠᠷ ᠯᠠᠪᠳᠠᠭᠤᠨ ᠡᠵᠡᠮᠰᠢᠵᠤ ᠴᠢᠳᠠᠬᠤ ᠶᠤᠮ᠃
2᠂ ᠳᠤᠮᠳᠠ ᠣᠷᠤᠬᠤ ᠳᠦᠷᠰᠦ ᠶᠢ ᠬᠤᠭᠤᠷᠤᠠᠳᠤ ᠨᠢ ᠠᠳᠠᠯᠢᠤᠠᠬᠠᠨ ᠬᠠᠷᠢᠴᠠᠭᠤᠯᠵᠤ ᠮᠡᠳᠡᠭᠦᠯᠭᠦ
ᠵᠢᠱᠢᠶᠠᠯᠠᠪᠠᠯ ᠄ 《᠊ᠠ᠊》 en ᠳᠡᠪᠢᠰᠭᠡᠷ ᠭᠡᠵᠢᠭᠡ ᠣᠷᠭᠤᠪᠠᠯ 《᠊ᠮ᠊》 em ᠳᠡᠪᠢᠰᠭᠡᠷ ᠪᠣᠯᠵᠤ᠂ ᠡᠪᠠᠷ ᠣᠷᠭᠤᠪᠠᠯ 《᠊ᠯ᠊》 el ᠳᠡᠪᠢᠰᠭᠡᠷ ᠪᠣᠯᠵᠤ ᠭᠡᠵᠢᠭᠡ ᠪᠣᠶᠤ ᠡᠪᠠᠷ ᠨᠢ ᠣᠨᠠᠪᠠᠯ 《᠊ᠠ᠊》 ᠳᠡᠪᠢᠰᠭᠡᠷ ᠪᠣᠯᠤᠨ᠎ᠠ ᠭᠡᠭᠦ ᠮᠠᠳᠤᠴᠢᠯᠠᠨ ᠳᠠᠨᠢᠭᠤᠯᠬᠤ ᠨᠢ ᠥᠭᠦᠮᠡᠯ ᠶᠢᠡᠷ ᠣᠯᠠᠠᠳᠠ ᠣᠩᠰᠢᠭᠤᠯᠵᠤ ᠪᠢᠴᠢᠭᠦᠯᠭᠦ ᠡᠴᠡ ᠦᠷ᠎ᠡ ᠪᠦᠳᠦᠮᠵᠢ ᠪᠠᠷ ᠰᠠᠢ᠌ᠨ ᠪᠠᠢ᠌ᠳᠠᠭ ᠶᠤᠮ᠃
3. ᠳᠠᠩ ᠥᠭᠡ ᠶᠢᠨ ᠳᠤᠮᠳᠠ ᠡᠴᠡ ᠡᠷᠢᠭᠦ ᠠᠷᠭ᠎ᠠ ᠪᠠᠷ ᠳᠠᠨᠢᠭᠤᠯᠵᠤ ᠡᠵᠡᠮᠰᠢᠭᠦᠯᠭᠦ
ᠵᠢᠱᠢᠶᠠᠯᠠᠪᠠᠯ ᠄ 《ᠡᠮᠴᠢ》 ᠭᠡᠭᠦ ᠥᠭᠡ ᠶᠢᠨ 《ᠡ᠊》 ᠪᠣᠯᠤᠨ 《᠊ᠴᠢ》 ᠶᠢᠨ ᠳᠤᠮᠳᠠ ᠶᠠᠮᠠᠷ ᠠᠪᠢᠶ᠎ᠠ ᠰᠤᠨᠤᠰᠳᠠᠵᠤ ᠪᠠᠢ᠌ᠬᠤ ᠪᠣᠢ ︖ ᠭᠡᠪᠠᠯ ᠰᠤᠷᠤᠭᠴᠢᠳ 《᠊ᠮ᠊》 em ᠭᠡᠵᠤ ᠰᠤᠨᠤᠰᠳᠠᠵᠤ ᠪᠠᠢ᠌ᠨ᠎ᠠ ᠭᠡᠵᠤ᠂ 《ᠪᠠᠭᠰᠢ》 ᠭᠡᠭᠦ ᠥᠭᠡ ᠶᠢᠨ《ᠪᠠ᠊》 ᠪᠣᠯᠤᠨ 《᠊ᠰᠢ》 ᠶᠢᠨ ᠳᠤᠮᠳᠠ ᠶᠠᠮᠠᠷ ᠠᠪᠢᠶ᠎ᠠ ᠰᠤᠨᠤᠰᠳᠠᠵᠤ ᠪᠠᠢ᠌ᠬᠤ ᠪᠣᠢ ︖ ᠭᠡᠪᠠᠯ ᠰᠤᠷᠤᠭᠴᠢᠳ 《᠊ᠭ᠊》 ag ᠭᠡᠵᠤ ᠰᠤᠨᠤᠰᠳᠠᠵᠤ ᠪᠠᠢ᠌ᠨ᠎ᠠ ᠭᠡᠵᠤ ᠡᠷᠢᠵᠤ ᠭᠠᠷᠭᠠᠪᠠᠯ ᠪᠠᠭᠰᠢ ᠡᠴᠡ ᠥᠩᠭᠡᠳᠤ ᠣᠸ᠎ᠠ ᠶᠢᠨ ᠪᠢᠷ ᠶᠢᠡᠷ ᠳᠡᠮᠳᠡᠭᠯᠡᠨ ᠡᠨᠡ ᠪᠣᠯ ᠳᠤᠮᠳᠠ ᠣᠷᠤᠬᠤ 《᠊ᠮ᠊》 em ᠳᠡᠪᠢᠰᠭᠡᠷ᠂ ᠳᠤᠮᠳᠠ ᠣᠷᠤᠬᠤ 《᠊ᠭ᠊》 agᠲ᠋ᠡᠪᠢᠰᠭᠡᠷ ᠮᠦᠨ ᠭᠡᠵᠤ ᠳᠠᠨᠢᠭᠤᠯᠤᠨ᠎ᠠ᠃ ᠡᠨᠡ ᠨᠢ ᠮᠦᠨ ᠴᠤ ᠠᠮᠢᠳᠤᠯᠢᠭ ᠡᠵᠡᠮᠰᠢᠭᠦ ᠳᠤ ᠠᠰᠢᠭᠳᠠᠢ ᠶᠤᠮ᠃
ᠳᠦᠷᠪᠡ᠂ ᠳᠡᠪᠢᠰᠭᠡᠷ ᠥᠰᠦᠭ᠌ ᠢ ᠵᠦᠪ ᠪᠢᠴᠢᠭᠦᠯᠵᠤ ᠰᠤᠷᠭᠠᠬᠤ
1᠂ 《᠊ᠨ》 ᠪᠠ 《᠊ᠯ》 ᠢ ᠬᠠᠷᠢᠴᠠᠭᠤᠯᠵᠤ ᠵᠢᠯᠤᠭᠤᠳᠤᠨ ᠵᠦᠪ ᠪᠢᠴᠢᠭᠦᠯᠦᠨ᠎ᠡ᠃ 《᠊ᠨ》 ᠳᠡᠪᠢᠰᠭᠡᠷ ᠪᠣᠯ ᠣᠷᠭᠢᠴᠠ ᠰᠡᠭᠦᠯ᠂ 《᠊ᠯ》 ᠳᠡᠪᠢᠰᠭᠡᠷ ᠪᠣᠯ ᠡᠷᠳᠡᠭᠡᠷ ᠰᠡᠭᠦᠯ᠃ 《᠊ᠨ》 ᠳᠡᠪᠢᠰᠭᠡᠷ ᠤᠨ ᠨᠢᠷᠤᠭᠤ ᠨᠢ ᠣᠷᠳᠤ ᠰᠢᠭ᠂ ᠰᠡᠭᠦᠯ ᠨᠢ ᠳᠤᠭᠤᠷᠢᠭ ᠭᠡᠯᠪᠠᠷᠢ ᠪᠠᠷ ᠠᠷᠤᠠᠰᠢ ᠪᠠᠨ ᠳᠦᠷᠢᠨᠠ᠃ 《᠊ᠯ》 ᠳᠡᠪᠢᠰᠭᠡᠷ ᠤᠨ ᠨᠢᠷᠤᠭᠤ ᠨᠢ ᠣᠬᠤᠷ ᠪᠦᠭᠡᠳ ᠪᠠᠭ᠎ᠠ ᠣᠷᠤᠭᠰᠢ ᠳᠦᠷᠢᠭ᠍ᠰᠡᠨ ᠪᠠᠢ᠌ᠳᠠᠯ ᠲᠡᠶ᠃ ᠰᠡᠭᠦᠯ ᠨᠢ ᠨᠢᠷᠤᠭᠤ ᠲᠡᠶ ᠪᠠᠨ ᠥᠡᠴᠦᠭ᠌ ᠭᠠᠷᠤᠨ ᠠᠷᠤᠠᠰᠢ ᠡᠷᠭᠢᠨ᠎ᠡ᠃ ᠰᠡᠭᠦᠯ ᠤᠨ ᠥᠵᠦᠭᠦᠷ ᠨᠢ ᠳᠡᠭᠡᠭ᠍ᠰᠢ ᠮᠠᠳᠠᠭᠰᠠᠨ ᠭᠡᠯᠪᠠᠷᠢ ᠲᠡᠶ᠃
2᠂ 《᠊ᠩ》 ᠳᠡᠪᠢᠰᠭᠡᠷ ᠪᠣᠯ ᠬᠤᠶᠠᠷ ᠠᠴᠤᠭ ᠤᠨ ᠳᠤᠤᠷ᠎ᠠ ᠣᠷᠤᠭᠰᠢᠯᠠᠭ᠎ᠠ ᠲᠡᠶ ᠭᠠᠷ ᠪᠢᠴᠢᠮᠠᠯ᠃ ᠳᠤᠮᠳᠠ ᠣᠷᠤᠬᠤ 《᠊ᠠ᠊》 ᠢ ᠳᠠᠩ ᠶᠢᠡᠷ ᠪᠢᠴᠢᠭᠦ ᠳᠤ ᠨᠢᠷᠤᠭᠤ ᠶᠢ ᠳᠢᠳᠢᠮ ᠪᠣᠯᠭᠠᠨ ᠪᠣᠷᠤᠭᠤ ᠪᠢᠴᠢᠭᠦ ᠶᠢ ᠣᠠᠴᠠ ᠠᠩᠬᠠᠷᠤᠭᠤᠯᠤᠨ᠎ᠠ᠃ 《ᠣᠠ᠊》 ᠢ ᠪᠢᠴᠢᠭᠦ ᠳᠤ ᠠᠴᠤᠭ ᠢ ᠣᠷᠳᠤ ᠰᠢᠭ᠌ ᠪᠢᠴᠢᠪᠠᠯ 《ᠦ᠊》 ᠰᠢᠭ᠌ ᠪᠣᠯᠬᠤ ᠶᠢ ᠠᠩᠬᠠᠷᠤᠭᠤᠯᠤᠨ᠎ᠠ᠃
3᠂ ᠳᠡᠪᠢᠰᠭᠡᠷ ᠥᠰᠦᠭ᠌ ᠨᠢ ᠦᠶ᠎ᠡ ᠶᠢᠨ ᠡᠭᠢᠨ ᠳᠤ ᠣᠷᠤᠳᠠᠭ ᠦᠭᠡᠶ᠃ ᠦᠶ᠎ᠡ ᠶᠢᠨ ᠲ᠋ᠤᠮᠳᠠ ᠣᠷᠤᠬᠤ ᠳᠤ ᠪᠠᠨ ᠨᠢᠷᠤᠭᠤ ᠪᠠᠷ ᠡᠭᠢᠯᠡᠵᠤ ᠨᠢᠷᠤᠭᠤ ᠪᠠᠷ ᠳᠡᠭᠦᠰᠦᠨ᠎ᠡ᠃ ᠦᠶ᠎ᠡ ᠶᠢᠨ ᠠᠳᠠᠭ ᠲᠤ ᠣᠷᠤᠬᠤ ᠳᠤ ᠪᠠᠨ ᠨᠢᠷᠤᠭᠤ ᠪᠠᠷ ᠡᠭᠢᠯᠡᠵᠤ ᠣᠷᠤᠭᠰᠢᠯᠠᠭ᠎ᠠ ᠪᠣᠶᠤ ᠰᠡᠭᠦᠯ ᠶᠢᠡᠷ ᠳᠡᠭᠦᠰᠦᠨ᠎ᠡ ᠭᠡᠳᠡᠭ᠌ ᠢ ᠳᠤᠳᠤᠷᠬᠠᠢ ᠮᠡᠳᠡᠭᠦᠯᠦᠨ᠎ᠡ᠃
4᠂ ᠳᠡᠪᠢᠰᠭᠡᠷ ᠥᠰᠦᠭ᠌ ᠢ ᠪᠢᠴᠢᠭᠦᠯᠵᠤ ᠰᠤᠷᠭᠠᠬᠤ ᠳᠤ ᠡᠷᠭᠡᠪᠰᠢ ᠵᠢᠷᠤᠯᠭ᠎ᠠ ᠶᠢᠨ ᠨᠠᠷᠠᠢ᠌ᠳᠤᠯ ᠪᠠ ᠵᠢᠷᠤᠯᠭ᠎ᠠ ᠶᠢᠨ ᠳᠦᠷᠢᠮ ᠢ ᠵᠠᠪᠠᠯ ᠮᠡᠳᠡᠭᠦᠯᠦᠨ᠎ᠡ᠃ ᠵᠢᠱᠢᠶᠠᠯᠠᠪᠠᠯ ᠄ 《᠊ᠪ》 ᠊᠊᠊᠊ ᠨᠢᠷᠤᠭᠤ᠂ ᠪᠠᠮᠪᠠᠭᠠᠷ᠂ ᠣᠷᠤᠭᠰᠢᠯᠠᠭ᠎ᠠ᠃ ᠠᠳᠠᠭ ᠲᠤ ᠣᠷᠤᠬᠤ eb᠃ 《᠊ᠭ》 ᠊᠊᠊᠊ ᠨᠢᠷᠤᠭᠤ᠂ ᠠᠴᠤᠭ᠂ ᠪᠠᠭ᠎ᠠ ᠣᠷᠭᠢᠴᠠ᠃ ᠠᠳᠠᠭ ᠲᠤ ᠣᠷᠤᠬᠤ ag ᠭᠡᠭᠦ ᠮᠠᠳᠤᠴᠢᠯᠠᠨ ᠵᠢᠷᠤᠯᠭ᠎ᠠ ᠶᠢᠨ ᠨᠠᠷᠠᠢ᠌ᠳᠤᠯ ᠳᠦᠷᠢᠮ ᠶᠢᠡᠷ ᠪᠢᠴᠢᠭᠦᠯᠵᠤ᠂ ᠢᠯᠭᠠᠭ᠎ᠠ ᠶᠢ ᠨᠢ ᠳᠤᠳᠤᠷᠬᠠᠢ ᠮᠡᠳᠡᠭᠦᠯᠦᠨ᠎ᠡ᠃ ᠢᠩᠭᠢᠪᠠᠯ ᠰᠤᠷᠤᠭᠴᠢᠳ ᠠᠠᠳᠠᠭᠤ ᠪᠣᠷᠤᠭᠤ ᠪᠢᠴᠢᠭᠦ ᠦᠭᠡᠶ ᠪᠠᠢ᠌ᠵᠤ ᠯᠠᠪᠳᠠᠭᠤᠨ ᠪᠠᠳᠤᠳᠠᠢ ᠳᠤᠭᠳᠠᠭᠠᠵᠤ ᠴᠢᠳᠠᠬᠤ ᠶᠤᠮ᠃
ᠵᠤᠬᠢᠶᠠᠭᠴᠢ ᠶᠢᠨ ᠬᠠᠶᠢᠭ ᠄ ᠨᠢ᠋ᠮᠠᠨ ᠤ ᠮᠤᠩᠭ᠋ᠤᠯ ᠪᠠᠭ᠎ᠠ ᠰᠤᠷᠭᠠᠭᠤᠯᠢ
ᠵᠤᠬᠢᠶᠠᠭᠴᠢ᠄ ᠯᠢ ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠪᠠᠭᠰᠢ ᠶᠢᠨ ᠬᠠᠨᠢᠳᠠᠷᠤᠮ᠄ 3803
ᠴᠠᠭ᠄ 2010 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ