ᠨᠡᠪᠲᠡᠷᠡᠨ ᠤᠷᠤᠬᠤ
ᠠᠶᠠᠭ᠎ᠠ ᠬᠠᠭᠠᠷᠠᠬᠤ ᠳ᠋ᠤ

ᠠᠶᠤᠩᠭ᠋᠎ᠠ ᠳᠤᠤᠭᠠᠷᠬᠤ ᠳᠤ ᠭᠠᠵᠠᠷ ᠳᠤᠯᠭᠢᠰᠤᠨ᠎ᠠ

ᠠᠶᠠᠭ᠎ᠠ ᠬᠠᠭᠠᠷᠠᠬᠤ ᠳᠤ ᠵᠢᠷᠦᠭᠡ ᠳᠤᠯᠭᠢᠰᠤᠨ᠎ᠠ

ᠠᠶᠤᠵᠤ ᠪᠦᠯᠳᠡᠭᠡᠨᠡᠭ᠍ᠰᠡᠨ ᠬᠡᠦᠬᠡᠳ ᠤᠨ ᠨᠢᠳᠤᠨ ᠡᠴᠡ

ᠨᠢᠯᠪᠣᠰᠤ ᠲᠡᠶ ᠥᠯᠢᠭᠡᠷ ᠣᠷᠤᠰᠤᠨ᠎ᠠ

ᠠᠢ᠌ᠯ ᠭᠡᠷ ᠤᠨ ᠪᠦᠳᠤᠨ ᠡᠯᠢᠭᠡ

ᠨᠠᠷᠠ ᠲᠡᠶ ᠡᠳᠦᠷ ᠶᠢᠡᠷ ᠡᠮᠵᠡᠭᠯᠡᠨ᠎ᠡ

ᠬᠠᠷᠠᠮᠰᠠᠯ ᠤᠨ ᠠᠶᠠᠯᠭᠤ ᠶᠢ ᠳᠡᠭᠦᠭᠦ ᠳᠤ

ᠭᠠᠷ ᠤᠨ ᠬᠤᠷᠤᠭᠤ ᠡᠰᠭᠡᠭ᠍ᠳᠡᠨ᠎ᠡ

ᠬᠠᠵᠠᠭᠠᠢ ᠴᠠᠯᠠᠭᠠᠢ ᠣᠨ ᠰᠠᠷ᠎ᠠ

ᠡᠨᠡᠦᠭᠡᠨ ᠬᠤᠷᠤᠮ ᠨᠡᠭᠡᠭ᠍ᠳᠡᠨ᠎ᠡ

ᠬᠠᠭᠠᠷᠬᠠᠢ ᠶᠢ ᠡᠪᠯᠡᠭᠦᠯᠵᠤ ᠳᠤᠭᠯᠠᠭᠰᠠᠨ

ᠪᠠᠭ᠎ᠠ ᠶᠢᠨ ᠨᠠᠰᠤ ᠡᠷᠢᠭ᠍ᠳᠡᠨ᠎ᠡ

ᠬᠠᠳᠠᠭᠤ ᠨᠢ ᠳᠡᠩᠳᠡᠭ᠍ᠰᠡᠨ ᠠᠯᠠᠭᠠᠨ ᠳᠡᠭᠡᠷ᠎ᠡ

ᠣᠬᠠᠭᠠᠨ ᠤ ᠭᠡ ᠡᠷᠢᠶᠡᠡᠳᠦᠨ᠎ᠡ


ᠵᠤᠬᠢᠶᠠᠭᠴᠢ ᠶᠢᠨ ᠬᠠᠶ‍ᠢᠭ ᠄ ᠣᠯᠠᠭᠠᠠᠭᠳᠠ ᠬᠤᠳᠠ ᠶᠢᠨ ᠠᠷᠤ ᠬᠤᠷᠴᠢᠨ ᠬᠤᠰᠢᠭᠤ

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2009 ᠤᠨ ᠤ 12 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ