ᠨᠡᠪᠲᠡᠷᠡᠨ ᠤᠷᠤᠬᠤ
ᠪᠠᠶᠠᠨᠬᠦ᠋ᠷᠢᠶ᠎ᠡ ᠡᠴᠠ ᠳᠠᠭᠤᠴᠢᠨ ᠪᠠᠢ ᠬᠤᠩ ᠮᠸᠢ ᠳᠤ ᠪᠢᠴᠢᠭ᠍ᠰᠡᠨ ᠰᠢᠯᠦᠭ᠌

ᠢᠳᠠᠷ ᠶ‍ᠢᠰᠤ ᠶᠢᠨ ᠭᠦᠢᠳᠡᠨ ᠶᠢᠡᠷ ᠪᠠᠶᠠᠨᠬᠦ᠋ᠷᠢᠶ᠎ᠡ ᠣᠷᠢᠶᠠᠯᠭᠠᠵᠤ ᠬᠠᠭᠢᠷ

ᠦᠬᠢᠨ ᠬᠤᠩ ᠮᠸᠢ ᠶᠢᠨ ᠳᠠᠭᠤᠤ ᠪᠠᠷ ᠣᠷᠢᠶᠠᠯᠭᠠᠵᠤ ᠪᠢ ᠬᠠᠯᠠᠭᠤᠨ

ᠪᠠᠳᠤ ᠊᠊᠊᠊᠊᠊᠊᠊᠊᠊᠊᠊᠊᠊᠊ ᠴᠠᠭᠠᠨ ᠤ ᠨᠠᠪᠴᠢ ᠣᠯᠠᠢ᠌ᠬᠤ ᠣᠯᠠᠢ᠌ᠬᠤ ᠦᠭᠡᠶ ᠨᠠᠳᠠ ᠶᠠᠮᠠᠷ ᠬᠠᠮᠢᠶ᠎ᠠ ᠪᠠᠢ᠌ᠬᠤ ᠪᠣᠢ︖

ᠪᠠᠭᠠᠬᠠᠨ ᠳᠡᠭᠦᠨ ᠤ ᠳᠠᠭᠤᠨ ᠳᠤ ᠰᠤᠭᠳᠤᠪᠠᠯ ᠪᠠᠷᠠᠯ᠎ᠠ ᠪᠢᠰᠢᠤ︖


ᠵᠤᠷᠢᠭᠤᠯᠵᠤ ᠪᠢᠴᠢᠳᠡᠭ᠌ ᠰᠢᠯᠦᠭ᠌ ᠮᠢᠨᠢ ᠯᠠ ᠭᠡᠵᠤ ᠵᠢᠰᠤᠨ ᠳᠤ ᠳᠤᠷᠠᠳᠠᠢ ᠥᠩᠭᠡᠡᠴᠢᠷ ᠪᠢᠰᠢ ᠰᠢᠤ

ᠵᠠᠭᠤᠨ ᠤ ᠬᠠᠭᠠᠰ ᠢ ᠠᠪᠴᠢᠬᠠᠭᠠᠤᠨ ᠵᠤᠯᠪᠣᠭ᠎ᠠ ᠰᠡᠷᠭᠦᠭᠡᠭᠦ ᠵᠢᠯᠪᠢᠩ ᠳᠤᠰᠪᠠᠯ ᠮᠠᠭᠤᠬᠠᠢ ᠶᠤᠮ ᠳ᠋ᠠ

ᠬᠤᠷᠴᠢᠨ ᠠᠷᠠᠤᠨ ᠤᠨ ᠳᠠᠭᠤᠨ ᠤ ᠭᠦᠩᠵᠤ ᠶᠤᠮ ᠳ᠋ᠠ᠂ ᠪᠠᠢ ᠬᠤᠩ ᠮᠸᠢ

ᠬᠤᠯᠠ ᠶᠢᠨ ᠪᠠᠶᠠᠨᠬᠦ᠋ᠷᠢᠶ᠎ᠡ ᠡᠴᠠ ᠰᠢᠯᠦᠭ᠌ ᠪᠢᠴᠢᠭᠦ ᠳᠤ ᠭᠡᠨ ᠮᠠᠭᠤ ᠰᠠᠨᠠᠬᠤ ᠪᠣᠢ︖


ᠬᠤᠩᠬᠤᠰ ᠳᠡᠭᠡᠷᠡᠮ ᠤᠨ ᠴᠠᠭ ᠪᠠᠢ᠌ᠭᠰᠠᠨ ᠪᠣᠯ ᠬᠤᠷᠳᠤᠨ ᠫᠣᠤ ᠡᠭᠦᠷᠦᠭᠡᠳ ᠮᠤᠷᠳᠠᠪᠠᠯ ᠪᠣᠯᠤᠯ᠎ᠠ ᠯᠠ

ᠬᠠᠤᠯᠢ ᠪᠠᠷ ᠭᠡᠯᠡᠯᠴᠡᠳᠡᠭ᠌ ᠪᠣᠯᠴᠢᠬᠠᠭᠰᠠᠨ ᠶᠤᠮ ᠴᠢᠨᠢ ᠬᠤᠨᠢ ᠰᠢᠭ ᠨᠤᠮᠤᠬᠠᠨ ᠰᠠᠭᠤᠪᠠᠯ ᠳᠡᠭᠡᠷ᠎ᠡ ᠪᠢᠵᠠ︖ ᠪᠠᠢ ᠬᠤᠩ ᠮᠸᠢ

ᠳᠠᠭᠤᠤ ᠶᠢ ᠴᠢᠨᠢ ᠰᠤᠨᠤᠰᠬᠤ ᠳᠤᠷᠠᠳᠠᠢ᠂ ᠳᠠᠭᠤᠯᠠᠬᠤ ᠳᠤᠷᠠᠳᠠᠢ᠂ ᠳᠤᠭᠳᠤᠯᠬᠤ ᠳᠠᠭᠠᠨ ᠴᠢᠮ᠎ᠠ ᠳᠤ ᠢᠷᠠᠭᠤ ᠨᠠᠢ᠌ᠷᠠᠭ ᠪᠢᠴᠢᠭᠦ ᠳᠤᠷᠠᠳᠠᠢ

ᠰᠤᠷᠢᠠᠵᠢᠨ ᠪᠢᠴᠢᠯᠭᠡ ᠶᠢ ᠴᠢᠨᠢ ᠵᠢᠷᠦᠭᠡᠨ ᠪᠢᠴᠢᠯᠭᠡ ᠰᠢᠭ᠌ ᠪᠣᠳᠤᠵᠤ ᠣᠯᠳᠠᠬᠤ ᠶᠢᠨ ᠭᠢᠷᠢ ᠪᠠᠷ ᠬᠤᠷᠢᠶᠠᠨ ᠬᠠᠳᠠᠭᠠᠯᠠᠭᠠᠤᠨ ᠯᠠ ᠁


ᠰᠠᠴᠠ ᠶᠢᠨ ᠡᠩᠭᠡᠷ ᠶᠢᠡᠷ ᠰᠠᠵᠢᠯᠠᠭᠤᠯᠤᠨ ᠢᠷᠡᠭᠦ 《ᠰᠠᠩᠵᠠᠢ ᠮᠠᠮᠠ》 ᠪᠢᠰᠢ ᠰᠢᠤ ᠳ᠋ᠠ ᠪᠢ

ᠰᠠᠷᠠᠪᠴᠢᠯᠠᠨ ᠰᠠᠷᠠᠪᠴᠢᠯᠠᠨ ᠶᠠᠭᠠᠷᠠᠬᠤ 《ᠰᠦᠮᠪᠦᠷᠤ ᠠᠩᠭ᠎ᠠ》 ᠪᠢᠰᠢ ᠰᠢᠤ ᠳ᠋ᠠ ᠴᠢ᠂ ᠪᠠᠢ ᠬᠤᠩ ᠮᠸᠢ

ᠥᠭᠡ ᠨᠢ ᠳᠤᠳᠤ᠂ ᠡᠷᠭᠡᠯᠡᠩᠭᠦᠢ ᠬᠤᠭᠤᠯᠠᠢ ᠳᠤ ᠴᠢᠨᠢ᠂ ᠡᠭᠡᠰᠢᠭ᠌ ᠨᠢ ᠢᠷᠠᠭᠤ ᠬᠤᠭᠤᠷ ᠱᠠᠠᠵᠠ ᠶᠢᠨ ᠠᠶᠠᠯᠭᠤᠨ ᠳᠤ ᠴᠢᠨᠢ ᠁

ᠡᠩ ᠥᠭᠡᠢ ᠠᠭᠤᠳᠠᠮ ᠳᠠᠯᠠᠢ ᠰᠢᠭ ᠬᠤᠷᠴᠢᠨ ᠳᠠᠭᠤᠨ ᠤ ᠰᠠᠩ ᠳᠤ ᠡᠷᠭᠡᠯᠡᠩᠭᠡᠨ ᠠᠶᠠᠯᠠᠭ᠎ᠠ ᠣᠩᠭ᠋ᠤᠴᠠ ᠶᠤᠮ ᠦᠦ ᠳ᠋ᠠ ᠪᠠᠢ ᠬᠤᠩ ᠮᠸᠢ


ᠪᠠᠶᠠᠨᠬᠦ᠋ᠷᠢᠶ᠎ᠡ ᠮᠢᠨᠢ ᠪᠠᠭ᠎ᠠ ᠡ ᠪᠠᠭ᠎ᠠ᠂ ᠪᠠᠢ᠌ᠩᠭ᠋ᠤ ᠶᠢᠨ ᠭᠦᠮᠤᠨ ᠠᠮᠠ ᠬᠤᠶᠠᠷ ᠲᠦᠮᠡ ᠳᠤ ᠭᠦᠷᠭᠦ ᠦᠭᠡᠶ᠂ ᠳᠤᠭ᠎ᠠ ᠪᠦᠭᠯᠡᠵᠤ ᠪᠢ ᠴᠤ

ᠪᠠᠭᠳᠠᠵᠤ ᠳᠠᠠᠳᠠᠷ ᠮᠠᠠᠳᠠᠷ ᠠᠯᠬᠤᠵᠤ᠂ ᠵᠠᠷᠢᠮ ᠳᠠᠭᠠᠨ ᠴᠢᠨᠤ ᠳᠠᠭᠤᠤ ᠰᠢᠭ ᠵᠡᠭᠡᠯᠢ ᠳᠦᠭᠦᠷᠡᠩ ᠳᠤᠨᠤᠷᠠᠬᠤ ᠶᠤᠮ ᠳ᠋ᠠ ᠪᠠᠢ ᠬᠤᠩ ᠮᠸᠢ

ᠳᠤᠨᠤᠷᠠᠬᠤ ᠦᠭᠡᠶ ᠶᠠᠭᠠᠭᠢᠬᠤ ᠪᠣᠢ︖ ᠪᠢᠳᠠᠨ ᠳᠤ ᠭᠦᠮᠤᠨ ᠡᠴᠠ ᠳᠠᠳᠠᠭᠤ ᠶᠠᠭᠤᠮ᠎ᠠ ᠠᠯᠠᠭ᠎ᠠ᠂ ᠢᠯᠡᠭᠦᠤ ᠪᠠᠢ᠌ᠨ᠎ᠠ ᠭᠡᠯᠡᠪᠠᠯ ᠁

ᠴᠢᠨᠤ ᠬᠠᠴᠠᠷ ᠰᠢᠭ ᠣᠯᠠᠭ᠎ᠠ ᠪᠣᠳᠠᠷᠠᠵᠤ ᠶᠠᠪᠣᠬᠤ ᠦᠭᠡᠶ ᠶᠠᠭᠠᠭᠢᠬᠤ ᠪᠣᠢ︖


ᠳᠠᠯᠠᠢ ᠪᠠᠶᠠᠨ ᠬᠤᠷᠴᠢᠨ ᠠᠷᠠᠤᠨ ᠤᠨ ᠳᠠᠭᠤᠤ ᠳᠠᠭᠤᠯᠠᠭᠠᠤᠨ ᠪᠠᠷᠠᠬᠤ ᠦᠭᠡᠶ᠂ ᠪᠠᠢ᠌ᠬᠤ ᠯᠠ

ᠳᠠᠩᠴᠢ ᠵᠢᠭᠠᠬᠠᠨ ᠬᠤᠩ ᠮᠸᠢ ᠶᠢᠨ ᠳᠠᠭᠤᠯᠠᠭᠰᠠᠨ ᠢ ᠰᠤᠨᠤᠰᠤᠭᠠᠤᠨ ᠬᠠᠨᠤᠰᠢ ᠦᠭᠡᠶ᠂ ᠠᠮᠳᠠᠳᠠᠢ ᠯᠠ

ᠲᠦᠰᠢᠶᠠᠳᠤ ᠨᠤᠳᠤᠭ ᠬᠤᠯᠠ ᠶᠤᠮ ᠳ᠋ᠠ᠂ ᠨᠢᠯᠪᠣᠰᠤ ᠣᠨᠠᠮᠠᠷ᠂ ᠳᠦᠷᠭᠡᠨ ᠳᠦᠷᠭᠡᠨ ᠭᠡᠭᠦ ᠳᠤ ᠭᠦᠷᠴᠤ ᠶᠠᠷᠤᠨᠢ ᠴᠢᠳᠠᠬᠤ ᠦᠭᠡᠶ ᠯᠠ

ᠰᠢᠯᠦᠭ᠌ ᠭᠡᠵᠤ ᠰᠢᠳᠢ ᠲᠡᠶ ᠶᠤᠮ᠂ ᠰᠢᠪᠠᠭᠤ ᠪᠣᠯᠤᠭᠠᠤᠨ ᠭᠦᠷᠳᠡᠭ᠌ ᠯᠠ ᠭᠡᠳᠡᠭ᠌ ᠶᠤᠮ᠂ ᠭᠦᠷᠭᠦ ᠯᠠ ᠪᠣᠯᠤᠭᠠᠰᠠᠢ ᠬᠤᠩ ᠮᠸᠢ ᠶᠢᠨ ᠳᠡᠷᠭᠡᠳᠡ ᠁


2010.1.25 ᠪᠠᠶᠠᠨ ᠊᠊᠊᠊᠊᠊᠊᠊᠊᠊᠊᠊᠊᠊᠊ ᠭᠦᠷᠢᠶ᠎ᠡ ᠳᠤ ᠪᠢᠴᠢᠪᠠᠢ᠃



ᠵᠤᠬᠢᠶᠠᠭᠴᠢ ᠶᠢᠨ ᠬᠠᠶ‍ᠢᠭ ᠄ ᠬᠠᠭᠤᠴᠢᠨ ᠪᠠᠷᠭᠤ

ᠵᠤᠬᠢᠶᠠᠭᠴᠢ᠄ ᠰ·ᠡᠩᠬᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2628
ᠴᠠᠭ᠄ 2010 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ