☆ ᠫᠣ·ᠰᠠᠨᠠᠭᠠᠷᠠᠪᠣᠤ
ᠭᠦᠭᠡ ᠣᠨᠢᠶᠠᠷᠳᠤ ᠰᠦᠮ᠎ᠡ ᠶᠢᠨ ᠭᠦᠡᠳᠡᠢ
ᠨᠢᠭᠡ ᠣᠤᠳᠢ ᠳᠡᠮᠳᠡᠭ᠍ᠳᠤ ᠬᠠᠷ᠎ᠠ ᠮᠡᠯᠡᠭᠡᠢ ᠳᠡᠷᠭᠡ ᠭᠤᠯᠭᠤᠭᠰᠠᠭᠠᠷ ᠳᠤᠮᠤ ᠬᠠᠷ᠎ᠠ ᠳ᠋ᠠᠮᠧᠨ ᠡᠭᠦᠳᠡ ᠲᠡᠶ ᠶᠡᠭᠡ ᠭᠤᠷᠪᠠᠨ ᠳᠠᠰᠤᠯᠭ᠎ᠠ ᠬᠠᠭᠠᠰ ᠤᠨ ᠪᠠᠢ᠌ᠰᠢᠩ ᠤᠨ ᠡᠮᠤᠨ᠎ᠡ ᠠᠯᠭᠤᠷᠬᠠᠨ ᠵᠤᠭᠰᠤᠵᠤ ᠯᠠᠪᠠᠷ ᠶᠢᠡᠨ ᠳᠤᠤᠭᠠᠷᠭᠠᠨ᠎ᠠ᠃ ᠭᠡᠷ ᠡᠴᠠ ᠨᠠᠮᠬᠠᠨ ᠪᠠᠶ᠎ᠠ ᠲᠡᠶ᠂ ᠭᠡᠷᠰᠡᠤ ᠰᠠᠭᠤᠭᠰᠠᠨ ᠪᠠᠢ᠌ᠳᠠᠯ ᠳᠦᠷᠭᠦ ᠲᠡᠶ ᠨᠢᠭᠡ ᠡᠷ᠎ᠡ ᠭᠠᠷᠴᠤ ᠢᠷᠡᠭᠡᠳ ᠨᠢᠳᠤ ᠨᠢ ᠳᠦᠷᠯᠠᠢ᠌ᠵᠤ᠄
᠊᠊᠊᠊᠊᠊᠊᠊᠊᠊᠊᠊᠊᠊᠊ ᠰᠢᠶᠤᠤ ᠵᠠᠩ ᠶᠤᠮ ᠦᠦ︖ ᠶᠠᠮᠠᠷ ᠰᠠᠯᠭᠢᠨ ᠴᠢᠮᠢ᠋ᠢ ᠥᠯᠢᠶᠡᠭᠡᠳ ᠠᠪᠴᠢᠷᠠᠪᠠ ᠭᠡᠵᠤ ᠮᠦᠷᠤ ᠶᠢ ᠨᠢ ᠠᠯᠭᠠᠳᠠᠨᠠ᠃
ᠰᠢᠶᠤᠤ ᠵᠠᠩ ᠪᠣᠯ ᠯᠤᠤ ᠪᠠᠢ ᠶᠢᠨ ᠬᠤᠯᠠ ᠶᠢᠨ ᠪᠦᠯᠤ ᠳᠡᠭᠦᠤ ᠨᠢ ᠠᠵᠢ᠃ ᠮᠡᠯᠡᠭᠡᠢ ᠳᠡᠷᠭᠡᠨ ᠳᠤᠳᠤᠷ᠎ᠠ ᠨᠢ ᠪᠠᠰᠠ ᠨᠢᠭᠡ ᠨᠠᠢ᠌ᠵᠢ ᠨᠢ ᠪᠠᠢ᠌ᠬᠤ ᠶᠤᠮ ᠭᠡᠨ᠎ᠡ᠃ ᠡᠨᠡ ᠴᠢᠨᠢ ᠠᠷᠠᠢ ᠮᠠᠨ ᠤ ᠳᠤ ᠦᠨᠦᠭᠢ ᠪᠠᠭ᠎ᠠ ᠪᠠᠷᠢ ᠴᠤ ᠶᠤᠮ ᠦᠦ︖ 《ᠳᠠᠭᠢᠶ᠎ᠠ》 ᠭᠡᠵᠤ ᠨᠡᠷᠡᠯᠡᠭ᠍ᠳᠡᠳᠡᠭ᠌ ᠶᠠᠩᠬᠠᠨ ᠦᠬᠢᠨ ᠢ ᠳᠠᠭᠠᠭᠤᠯᠤᠭᠠᠤᠨ ᠢᠷᠡᠭ᠍ᠰᠡᠨ ᠦᠭᠡᠶ ᠪᠢᠵᠠ ᠭᠡᠵᠤ ᠳᠤᠰᠤᠭᠠᠤᠨ ᠱᠠᠭᠠᠢ᠌ᠬᠤ ᠳᠤ ᠶᠠᠭᠤᠨ ᠤ ᠭᠢᠨᠢ ᠰᠡᠭᠦᠯ ᠮᠡᠭᠦᠯ ᠶᠢᠡᠨ ᠭᠤᠳᠤᠭᠤᠨᠠᠭᠤᠯᠤᠨ᠂ ᠦᠷᠭᠡᠨ ᠭᠡᠯᠡ ᠪᠡᠨ ᠯᠠᠪᠳᠠᠭᠠᠨᠠᠭᠤᠯᠤᠭᠰᠠᠨ ᠥᠰᠦᠯᠢᠭ᠌ ᠴᠠᠭᠠᠨ ᠪᠠᠭᠠᠯ ᠠᠵᠢ᠃
᠊᠊᠊᠊᠊᠊᠊᠊᠊᠊᠊᠊᠊᠊᠊ ᠴᠢ ᠴᠢᠨᠢ ᠡᠨᠡ ᠪᠠᠭᠠᠯ ᠢ ᠠᠪᠴᠢᠷᠠᠬᠤ ᠪᠠᠷ ᠳᠡᠭᠦᠤ ᠪᠠᠷᠢ ᠶᠢ ᠴᠤ ᠭᠡᠰᠡᠨ ᠠᠪᠣᠭᠠᠤᠨ ᠢᠷ᠎ᠠ ᠳ᠋ᠡ᠂ ᠬᠠᠷᠠᠮᠯᠠᠵᠤ ᠪᠠ ︖
᠊᠊᠊᠊᠊᠊᠊᠊᠊᠊᠊᠊᠊᠊᠊ ᠬᠤᠳᠠ ᠶᠢᠨ ᠡᠮᠡᠰ ᠭᠡᠵᠢ᠂ ᠳᠡᠭᠡᠷ᠎ᠡ ᠨᠢ ᠨᠢᠭᠡ ᠢᠯᠠᠭ᠎ᠠ ᠰᠠᠭᠤᠯ᠎ᠠ ᠴᠤ ᠭᠡᠰᠡᠨ ᠡᠷ᠎ᠡ ᠵᠠᠢ᠌ᠳᠠᠯᠭᠭᠤᠯᠤᠭᠰᠠᠨ ᠡᠴᠠ ᠢᠯᠡᠭᠦᠤ ᠬᠠᠪᠴᠠᠢ᠌ᠵᠤ ᠬᠠᠮᠰᠢᠭᠠᠤᠨ ᠪᠠᠢ᠌ᠬᠤ ᠶᠤᠮ᠂ ᠪᠠᠭᠠᠯ ᠢ ᠥᠯᠡᠳᠡᠭᠡᠴᠢᠭᠡᠶᠡ ᠭᠡᠭᠦ ᠳᠤ ᠭᠠᠳᠠᠭᠰᠢ ᠭᠠᠷᠪᠠᠯ ᠥᠯᠪᠠᠷᠡᠭᠡᠳ ᠥᠭᠦᠴᠢᠭᠡᠨᠡ ᠭᠡᠨ᠎ᠡ᠂ ᠠᠷᠭ᠎ᠠ ᠦᠭᠡᠶ ᠠᠪᠣᠭᠠᠤᠨ ᠢᠷᠠᠯ᠎ᠠ ᠭᠡᠨ᠎ᠡ᠃
ᠯᠤᠤ ᠪᠠᠢ ᠭᠡᠷ ᠲᠡᠭᠡᠨ ᠭᠠᠭᠴᠠᠭᠠᠷ ᠶᠢᠡᠨ ᠪᠠᠢ᠌ᠬᠤ ᠠᠵᠢ᠃ ᠳᠠᠮᠠᠢ ᠣᠳᠠᠵᠤ ᠳᠦᠳᠠᠯ ᠦᠭᠡᠶ ᠭᠦᠷᠢᠶᠡᠨ ᠳᠤ ᠭᠤᠳ ᠭᠠᠤᠨ ᠭᠢᠨ ᠭᠦᠶᠦᠵᠤ ᠪᠠᠢ᠌ᠭᠰᠠᠨ ᠳᠠᠭᠢᠶ᠎ᠠ ᠪᠠᠨ ᠳᠠᠷᠤᠵᠤ ᠣᠨᠠᠭᠠᠭᠠᠤᠨ ᠰᠠᠢ᠌ᠬᠠᠨ ᠦᠨᠦᠷ ᠠᠩᠭᠢᠯᠤᠭᠰᠠᠨ ᠵᠠᠭᠤᠰᠢ ᠪᠣᠯᠭᠠᠪᠠ᠃ ᠭᠦᠳᠡᠭᠡ ᠶᠢᠨ ᠳᠠᠭᠢᠶ᠎ᠠ ᠭᠡᠳᠡᠭ᠌ ᠡᠴᠡᠩᠭᠡᠢ ᠴᠤ ᠬᠠᠰᠢᠯᠠ ᠠᠮᠳᠠ ᠲᠡᠶ᠃ ᠰᠤᠯᠠ ᠠᠷᠢᠭᠢ ᠨᠢ ᠪᠣᠯᠪᠠᠴᠤ ᠬᠠᠭᠤᠷᠮᠠᠭ ᠦᠭᠡᠶ᠃
᠊᠊᠊᠊᠊᠊᠊᠊᠊᠊᠊᠊᠊᠊᠊ ᠴᠢ ᠶᠠᠷᠤ ᠨᠢ ᠮᠤᠩᠭ᠋ᠤᠯ ᠠᠳᠠᠯᠢ ᠡ ᠭᠡᠵᠤ ᠰᠢᠶᠤᠤ ᠵᠠᠩ ᠥᠭᠦᠯᠡᠨ᠎ᠡ᠃
᠊᠊᠊᠊᠊᠊᠊᠊᠊᠊᠊᠊᠊᠊᠊ ᠴᠢᠷᠠᠢ ᠵᠢᠰᠤ ᠭᠡᠵᠤ ᠦᠦ ︖ ᠥᠨᠡ᠊ᠨᠳᠡᠭᠡᠨ ᠴᠤ ᠡᠨᠡ ᠳᠡᠨᠡᠭ᠌ ᠮᠤᠩᠭ᠋ᠤᠯ ᠤᠳ ᠴᠢᠨᠢ ᠮᠠᠨ ᠢ ᠡᠵᠡᠯᠡᠵᠤ ᠥᠩᠭᠡᠷᠡᠭ᠍ᠰᠡᠨ ᠰᠢᠤ ᠳ᠋ᠠ᠂ ᠠᠯᠢᠨ ᠭᠠᠯᠪᠠ ᠶᠢᠨ ᠶᠠᠪᠣᠳᠠᠯ ᠢ ᠭᠡᠨ ᠮᠡᠳᠡᠭᠦᠪ᠂ ᠣᠳᠤ ᠶᠢᠨ ᠴᠠᠭ ᠠᠪᠣ ᠨᠢ ᠬᠠᠭᠤᠷᠮᠠᠭ ᠶᠢᠡᠷ ᠪᠠᠷᠠᠬᠤ ᠦᠭᠡᠶ ᠡᠵᠢ ᠨᠢ ᠴᠤ ᠢᠯᠭᠠᠭᠤᠷᠢ ᠦᠭᠡᠶ ᠪᠣᠯᠵᠤ ᠪᠠᠢ᠌ᠬᠤ ᠳᠤ ᠦᠦ ︖
᠊᠊᠊᠊᠊᠊᠊᠊᠊᠊᠊᠊᠊᠊᠊ ᠪᠢ ᠳᠠᠷᠠ ᠶᠢ ᠭᠡᠯᠡᠵᠤ ᠦᠭᠡᠶ᠂ ᠴᠢᠨᠤ ᠵᠠᠩ ᠴᠢᠨᠠᠷ ︖
᠊᠊᠊᠊᠊᠊᠊᠊᠊᠊᠊᠊᠊᠊᠊ ᠳᠠᠷᠠ ᠴᠤ ᠪᠠᠢ᠌ᠬᠤ ᠳᠠᠯ᠎ᠠ ᠲᠡᠶ᠂ ᠨᠠᠮᠢ᠋ᠢ ᠪᠠᠯᠴᠢᠭᠡᠷ ᠶᠢᠡᠨ ᠢᠳᠡᠭ᠍ᠰᠡᠨ ᠭᠦᠮᠤᠨ᠂ ᠰᠢᠳᠤᠷᠭᠤ ᠰᠢᠯᠤᠭᠤᠨ ᠭᠦᠮᠤᠨ ᠭᠡᠵᠤ ᠦᠦ ︖
᠊᠊᠊᠊᠊᠊᠊᠊᠊᠊᠊᠊᠊᠊᠊ ᠪᠠᠰᠠ ᠳᠡᠭᠡᠷ᠎ᠡ ᠨᠢ ᠠᠯᠤᠰ ᠤᠨ ᠬᠠᠷᠠᠴᠠ ᠦᠭᠡᠶ᠂ ᠶᠡᠭᠡ ᠶᠠᠭᠤᠮ᠎ᠠ ᠪᠦᠳᠦᠭᠡᠵᠤ ᠴᠢᠳᠠᠬᠤ ᠦᠭᠡᠶ᠃
ᠬᠤᠶᠠᠷ ᠬᠤᠠᠳᠠᠭ᠎ᠠ ᠪᠠᠯᠭᠤᠭᠰᠠᠨ ᠲᠡᠶ᠂ ᠨᠠᠮᠢ᠋ᠢ ᠪᠠᠨ ᠪᠢᠰᠢᠷᠠᠵᠤ ᠪᠠᠬᠠᠳᠤᠵᠤ ᠪᠠᠢ᠌ᠬᠤ ᠳ᠋ᠠ ᠭᠡᠵᠤ ᠪᠣᠳᠤᠭᠰᠠᠨ ᠴᠢᠨᠢ᠂ ᠶᠠᠭᠤᠨᠢ ᠭᠢᠨᠢ᠂ ᠭᠦᠭᠡᠷᠡᠵᠤ ᠪᠠᠢ᠌ᠭᠰᠠᠨ ᠰᠡᠳᠭᠢᠯ ᠢ ᠨᠢ ᠨᠢᠭᠡ ᠯᠠ ᠭᠤᠩᠰᠣᠢ᠌ᠯᠭᠠᠯᠠ᠃ ᠬᠤᠳᠠ ᠣᠷᠤᠵᠤ ᠶᠡᠭᠡ ᠶᠢ ᠦᠵᠡᠪᠠᠯ ᠥᠭᠡ ᠨᠢ ᠡᠢ᠌ᠮᠤ ᠰᠢᠯᠤᠭᠤᠨ᠂ ᠳᠤᠰᠤᠯᠳᠠ ᠨᠢ ᠳᠠᠢ᠌ᠮᠤ ᠭᠦᠡᠳᠤ ᠪᠣᠯᠳᠠᠭ ᠦᠦ ᠳ᠋ᠠ᠃ ᠰᠢᠶᠤᠤ ᠵᠠᠩ ᠯᠤᠤ ᠪᠠᠢ ᠶᠢᠨ ᠰᠡᠳᠭᠢᠯ ᠤᠨ ᠭᠦᠳᠡᠯᠦᠯ ᠢ ᠨᠠᠷᠢᠨ ᠠᠵᠢᠭᠯᠠᠵᠤ ᠰᠠᠭᠤᠭᠰᠠᠨ ᠶᠢᠡᠨ᠄
᠊᠊᠊᠊᠊᠊᠊᠊᠊᠊᠊᠊᠊᠊᠊ ᠪᠢ ᠴᠢᠮᠢ᠋ᠢ ᠭᠤᠯᠤᠵᠤ ᠦᠭᠡᠶ᠂ ᠴᠢ ᠪᠣᠯ ᠵᠠᠮ ᠶᠢᠡᠨ ᠣᠯᠬᠤ ᠦᠭᠡᠶ᠂ ᠵᠤᠷᠢᠭ ᠶᠢᠡᠨ ᠪᠦᠳᠦᠭᠦᠷᠦᠯᠡᠭᠡ ᠦᠭᠡᠶ᠂ ᠴᠠᠭ ᠶᠢᠡᠨ ᠣᠯᠤᠭᠠᠳᠤᠢ ᠴᠤ ᠢᠷᠡᠭᠡᠳᠦᠢ ᠲᠡᠶ ᠯᠠ ᠭᠦᠮᠤᠨ᠃
᠊᠊᠊᠊᠊᠊᠊᠊᠊᠊᠊᠊᠊᠊᠊ ᠳᠡᠭᠡᠭᠡᠳ ︖
᠊᠊᠊᠊᠊᠊᠊᠊᠊᠊᠊᠊᠊᠊᠊ ᠳᠤᠯᠤᠭᠠᠢ ᠪᠠᠨ ᠭᠦᠳᠡᠯᠭᠡᠵᠤ ᠦᠵᠡ︕ ᠪᠢ ᠮᠤᠩᠭ᠋ᠤᠯ ᠢ ᠭᠡᠯᠡᠵᠤ ᠪᠠᠢ᠌ᠨ᠎ᠠ ᠭᠡᠳ ᠰᠢᠶᠤᠤ ᠵᠠᠩ ᠪᠣᠭᠤᠷᠤᠯ ᠰᠠᠭᠤᠵᠤ ᠪᠠᠢ᠌ᠭ᠎ᠠ ᠰᠠᠠᠴᠢᠭ ᠥᠭᠡᠳᠡ ᠨᠢ ᠬᠦᠩᠭᠡᠨ ᠨᠢᠳᠤᠷᠴᠤ ᠬᠠᠬᠠᠯᠠᠨ ᠢᠨᠢᠶᠠᠪᠠ᠃ ᠯᠤᠤ ᠪᠠᠢ ᠪᠣᠯ ᠪᠠᠯᠠ ᠪᠠᠭ᠎ᠠ ᠲᠡᠶ ᠴᠤ ᠬᠡᠦᠭᠡᠳ ᠶᠢᠡᠨ ᠰᠤᠷᠭᠠᠭᠤᠯᠠᠢ ᠳᠤ ᠶᠠᠪᠣᠭᠤᠯᠬᠤ ᠶᠢ ᠨᠢ ᠶᠠᠪᠣᠭᠤᠯᠵᠤ᠂ ᠡᠪᠠᠦᠡᠴᠤ ᠵᠤᠪᠠᠬᠤ ᠶᠤᠮ ᠪᠣᠯ ᠠᠪᠳᠠᠷ᠎ᠠ ᠪᠠᠨ ᠠᠭᠤᠳᠠᠯᠠᠵᠤ᠂ ᠥᠭᠦᠯ ᠡᠴᠠ ᠭᠡᠯᠳᠦᠷᠢᠵᠤ ᠳᠡᠢ᠌ᠯᠭᠦ ᠯᠠ ᠭᠦᠮᠤᠨ᠃ ᠭᠡᠳᠡᠯ᠎ᠡ ᠵᠠᠷᠢᠮ ᠮᠤᠩᠭ᠋ᠤᠯ ᠤᠳ ᠭᠦᠳᠡᠯᠮᠦᠷᠢᠯᠡᠭᠦ ᠴᠤ ᠦᠭᠡᠶ᠂ ᠢᠳᠠᠵᠤ ᠣᠤᠭᠤᠭᠰᠠᠭᠠᠷ ᠬᠡᠦᠬᠡᠳ ᠶᠢᠡᠨ ᠰᠤᠷᠭᠠᠭᠤᠯᠢ ᠳᠤ ᠶᠠᠪᠣᠭᠤᠯᠵᠤ ᠳᠡᠢ᠌ᠯᠭᠦ ᠦᠭᠡᠶ᠂ ᠪᠠᠭ᠎ᠠ ᠳᠤ ᠨᠢ ᠪᠠᠯᠠᠯᠴᠢᠬᠠᠳᠠᠭ ᠰᠢᠤ᠂ ᠬᠠᠷᠮᠠᠨ ᠳᠤ ᠨᠢ ᠭᠡᠳᠦᠭᠡᠨ ᠮᠦᠩᠭᠦ ᠪᠠᠢ᠌ᠭᠰᠠᠨ ᠴᠤ ᠬᠤᠭᠤᠯᠠᠨ ᠭᠡᠷ ᠲᠤ ᠠᠪᠠᠴᠢᠭᠠᠤᠨ ᠥᠭ᠍ᠴᠢᠭᠡᠳᠡᠭ᠌ ᠰᠢᠤ ᠳ᠋ᠠ᠃ ᠡᠨᠡ ᠳᠠᠯ᠎ᠠ ᠪᠠᠷ ᠴᠤ ᠣᠬᠠᠭᠠᠨ ᠳᠤᠳᠠᠭᠤ ᠳ᠋ᠠ ᠭᠡᠵᠤ ᠯᠤᠤ ᠪᠠᠢ ᠪᠣᠳᠤᠵᠤ᠄
᠊᠊᠊᠊᠊᠊᠊᠊᠊᠊᠊᠊᠊᠊᠊ ᠳᠠᠢ᠌ᠮᠤ ᠡ᠂ ᠳᠠᠳᠠ ᠳᠠᠢ᠌ᠮᠤ ᠳᠠᠯ᠎ᠠ ᠲᠡᠶ᠂ ᠭᠡᠪᠠᠴᠤ ᠠᠢ᠌ᠯ ᠭᠦᠷᠰᠢ ᠰᠠᠭᠤᠭᠰᠠᠨ ᠪᠣᠯᠬᠤᠷ ᠪᠢ ᠮᠠᠳᠠᠨ᠎ᠡ᠂ ᠳᠠᠳᠠ ᠴᠢᠨᠢ ᠬᠠᠷᠢᠨ ᠭᠦᠮᠤᠨ ᠨᠢ ᠮᠠᠨ ᠡᠴᠠ ᠪᠠᠨ ᠰᠠᠢ᠌ᠨ ᠰᠢᠤ ᠭᠡᠯᠡ᠃
᠊᠊᠊᠊᠊᠊᠊᠊᠊᠊᠊᠊᠊᠊᠊ ᠭᠦᠮᠤᠨ ᠨᠢ ᠰᠠᠢ᠌ᠨ ᠶᠢᠡᠷ ᠡᠴᠢᠭᠡ ᠪᠠᠨ ᠭᠢᠭᠦ ᠶᠤᠮ ᠦᠦ︖ ᠦᠷᠢ ᠲᠦᠯᠦᠭᠡᠰᠤᠨ ᠳᠤ ᠣᠨᠠᠬᠤ ᠶᠤᠮ ᠪᠣᠯ ᠳᠦᠷᠦᠭ᠍ᠰᠡᠨ ᠨᠠᠭᠠᠴᠤ ᠴᠢᠨᠢ ᠪᠣᠯᠪᠠᠴᠤ ᠣᠯᠢ᠌ᠬᠤ ᠶᠤᠮ ᠦᠦ︖ ᠴᠢ ᠪᠣᠳᠤ᠂ ᠡᠨᠡ ᠮᠤᠩᠭ᠋ᠤᠯ ᠤᠳ ᠭᠠᠭᠴᠠᠬᠠᠨ ᠴᠢᠩᠭᠢᠰ ᠬᠠᠭᠠᠨ ᠤ ᠪᠠᠨ ᠭᠡᠭᠦᠷ ᠢ ᠣᠬᠤᠬᠤ ᠶᠤᠮ ᠪᠣᠯ ᠭᠡᠳᠤᠨ ᠦᠶ᠎ᠡ ᠪᠠᠷ ᠶᠢᠡᠨ ᠠᠮᠢᠳᠤᠷᠠᠵᠤ ᠭᠦᠢᠴᠡᠨ᠎ᠡ᠃
ᠵᠢᠷᠠᠨ ᠭᠷᠠᠳᠦ᠋ᠰ ᠤᠨ ᠬᠠᠭᠤᠴᠢᠨ ᠭᠦᠷᠦᠩᠭᠡᠨ ᠠᠷᠢᠭᠢᠨ ᠳᠤ ᠰᠦᠮᠠᠢ᠌ᠵᠤ ᠪᠠᠢ᠌ᠭᠰᠠᠨ ᠯᠤᠤ ᠪᠠᠢ ᠨᠢᠳᠤ ᠨᠢ ᠣᠷᠤᠢ ᠳᠡᠭᠡᠷ᠎ᠡ ᠪᠠᠨ ᠭᠠᠷᠴᠤ᠄
᠊᠊᠊᠊᠊᠊᠊᠊᠊᠊᠊᠊᠊᠊᠊ ᠴᠢ ᠴᠢᠨᠢ ᠨᠥᠭᠦᠴᠡᠭᠡᠰᠦᠳᠡᠢ ᠭᠡᠯᠡᠭᠦ ᠶᠤᠮ᠃ ᠳᠠᠷᠠ ᠮᠤᠩᠭ᠋ᠤᠯ ᠤᠳ ᠳᠡᠭᠡᠳᠦᠰ ᠶᠢᠡᠨ ᠳᠠᠭᠢᠭᠰᠠᠨ ᠶᠢᠡᠨ ᠪᠠᠰᠠ ᠣᠷᠣᠢ᠌ᠳᠠᠵᠤ ᠪᠠᠢ᠌ᠨ᠎ᠠ ᠭᠡᠵᠤ ᠪᠣᠳᠤᠵᠤ ᠪᠠᠢ᠌ᠬᠤ ᠳᠤ ᠶᠠᠭᠤᠨᠠᠢ ᠳᠠᠢ᠌ᠮᠤ ᠠᠵᠢᠯ ᠭᠢᠭᠦ ᠶᠤᠮ︖ ᠳᠠᠭᠢᠭᠠᠤᠨ ᠭᠡᠯᠡᠪᠠᠯ ᠴᠢ ᠴᠤ ᠳ᠋ᠠ᠃ ᠡᠨᠡ ᠴᠢᠨᠢ ᠦᠪᠣᠷ ᠮᠤᠩᠭ᠋ᠤᠯ ᠰᠢᠤ᠃ ᠮᠠᠨ ᠤ ᠡᠮᠤᠨ᠎ᠡ ᠣᠷᠤᠨ ᠤ ᠭᠢ᠂ ᠠᠷᠤ ᠮᠤᠩᠭ᠋ᠤᠯ ᠢ ᠢᠯᠭᠠᠬᠤ ᠦᠭᠡᠶ᠂ ᠮᠤᠩᠭ᠋ᠤᠯ ᠭᠡᠪᠠᠯ ᠪᠦᠷ ᠦᠪᠣᠷ ᠭᠦᠷᠤᠨ ᠤ ᠭᠡᠵᠤ ᠪᠣᠳᠤᠨ᠎ᠡ᠂ ᠴᠢ ᠴᠤ ᠪᠠᠰᠠ︖ ᠁ ᠭᠡᠳᠡᠯ᠎ᠡ ᠪᠢᠳᠠ ᠴᠤ ᠪᠠᠰᠠ ᠺᠦᠩᠽᠢ ᠶᠢᠨ ᠭᠡᠭᠦᠷ ᠢ ᠣᠬᠤᠨ᠎ᠠ ᠦᠦ︖ ᠴᠢ ᠭᠡᠯᠡ︖
᠊᠊᠊᠊᠊᠊᠊᠊᠊᠊᠊᠊᠊᠊᠊ ᠺᠦᠩᠽᠢ ᠶᠢᠨ ᠭᠡᠭᠦᠷ ᠢ ᠣᠬᠤᠭᠠᠤᠨ ᠶᠠᠭᠤ ᠭᠢᠭᠦ ᠶᠤᠮ︖ ᠴᠢ ᠠᠯᠳᠠ ᠣᠯᠤᠨ᠎ᠠ ᠦᠦ︖ ᠶᠠᠰᠤ ᠯᠠ ᠣᠯᠤᠨ᠎ᠠ᠃
ᠭᠡᠳᠡᠯ᠎ᠡ ᠣᠨᠤᠯ ᠶᠤᠰᠤ ᠶᠠᠷᠢᠬᠤ ᠳᠤ ᠯᠠ ᠯᠤᠤ ᠪᠠᠢ ᠳᠤᠷ᠎ᠠ ᠪᠠᠷ ᠠᠨᠢ᠂ ᠠᠷᠢᠭᠢ ᠴᠤ ᠪᠣᠯ ᠶᠠᠭ ᠣᠤᠭᠤᠯᠭᠠᠨ ᠳᠡᠭᠡᠷ᠎ᠡ ᠪᠠᠨ ᠪᠠᠢ᠌ᠵᠤ᠂ ᠳᠦᠷᠤᠯ ᠳᠦᠷᠦᠭ᠍ᠰᠡᠳ ᠶᠢᠡᠨ ᠳᠤᠷᠠᠳᠴᠤ᠂ ᠠᠮᠢᠳᠤᠷᠠᠯ ᠠᠬᠤᠢ ᠶᠢᠨ ᠳᠤᠬᠠᠢ ᠣᠢ᠌ᠯᠠᠭᠠᠯᠴᠠᠶᠠ ᠭᠡᠵᠤ ᠪᠠᠢ᠌ᠬᠤ ᠳᠤ ᠰᠠᠢ᠌ᠨ ᠮᠠᠭᠤ ᠥᠭᠡ ᠭᠡᠯᠡᠭᠡᠳ ᠶᠠᠭᠤ ᠭᠢᠨ᠎ᠡ᠂ ᠨᠠᠩ ᠴᠤ ᠳᠠᠷᠠ ᠮᠠᠭᠤ ᠮᠤᠩᠭ᠋ᠤᠯ ᠤᠨ ᠳᠤᠬᠠᠢ᠂ ᠠᠢ︕
ᠮᠦᠷᠤ ᠶᠢ ᠨᠢ ᠬᠦᠩᠭᠡᠨ ᠳᠠᠪᠰᠢᠬᠤ ᠳᠤ ᠨᠣᠢ᠌ᠷᠮᠤᠭᠯᠠᠬᠤ ᠰᠢᠬᠠᠭᠰᠠᠨ ᠯᠤᠤ ᠪᠠᠢ ᠠᠷᠢᠭᠢᠨ ᠬᠤᠠᠳᠠᠭ᠎ᠠ ᠪᠠᠨ ᠡᠷᠭᠦᠯ᠎ᠡ᠃
᠊᠊᠊᠊᠊᠊᠊᠊᠊᠊᠊᠊᠊᠊᠊ ᠵᠠ︕ ᠭᠠᠭᠴᠠᠬᠠᠨ ᠭᠦᠡᠳᠦᠷᠭᠦ ᠦᠦ︖
᠊᠊᠊᠊᠊᠊᠊᠊᠊᠊᠊᠊᠊᠊᠊ ᠭᠦᠡᠳᠦᠷᠤᠨᠡ᠂ ᠰᠤᠭᠳᠤᠳᠠᠯ᠎ᠠ ᠣᠤᠭᠤᠨ᠎ᠠ᠃ ᠭᠡᠳᠡᠯ᠎ᠡ ᠪᠢ ᠥᠭᠡ ᠪᠠᠨ ᠭᠡᠯᠡᠵᠤ ᠪᠠᠷᠠᠭ᠎ᠠ ᠦᠭᠡᠶ ᠰᠢᠤ︕
᠊᠊᠊᠊᠊᠊᠊᠊᠊᠊᠊᠊᠊᠊᠊ ᠳᠡᠭᠡᠨ᠎ᠡ︕ ᠳᠡᠭᠡᠨ᠎ᠡ᠂ ᠪᠢ ᠶᠠᠭ ᠴᠢᠨᠤ ᠳᠤᠬᠠᠢ᠂ ᠳᠡᠭᠦᠤ ᠪᠠᠷᠢ ᠶᠢᠨ ᠳᠤᠬᠠᠢ ᠶᠠᠷᠢᠯᠴᠠᠶ᠎ᠠ ᠭᠡᠵᠤ ᠪᠠᠢ᠌ᠳᠠᠯ᠎ᠠ᠃ ᠭᠤᠶᠤ ᠪᠠ︖ ᠭᠡᠵᠤ ᠰᠠᠢ᠌ᠮᠢᠵᠤ ᠬᠠᠷᠠᠬᠤ ᠳᠤ᠄
᠊᠊᠊᠊᠊᠊᠊᠊᠊᠊᠊᠊᠊᠊᠊ ᠭᠤᠴᠢ ᠭᠠᠷᠴᠠᠢ ᠡ᠂ ᠶᠠᠭᠤ ᠶᠢ ᠨᠢ ᠳᠤᠷᠠᠳᠬᠤᠪ᠃ ᠵᠤᠭᠤᠰ ᠲᠡᠶ ᠪᠣᠯ ᠬᠤᠷᠢᠨ ᠳᠠᠪᠣ᠂ ᠠᠷᠪᠠᠨ ᠨᠢ᠋ᠮᠠᠳᠤ ᠴᠢᠨᠢ ᠪᠠᠢ᠌ᠬᠤ ᠯᠠ ᠪᠣᠶᠠᠨ᠂ ᠳᠡᠭᠦᠤ ᠴᠢᠨᠢ ᠳᠠᠷᠠᠭ᠎ᠠ ᠪᠠᠷ ᠠᠬ᠎ᠠ ᠪᠠᠨ ᠵᠢᠷᠭᠠᠭᠤᠯᠤᠨ᠎ᠠ᠃ ᠮᠥᠯᠴᠢᠭᠡᠷ ᠮᠥᠯᠴᠢᠭᠡᠷ ᠮᠦᠷᠤ ᠳᠠᠯᠤ ᠨᠢ ᠢᠯᠠ ᠭᠠᠷᠴᠤ᠂ ᠭᠦᠭᠦ ᠳᠠᠯᠠᠩ ᠶᠢᠡᠨ ᠰᠡᠷᠡᠢ᠌ᠯᠭᠡᠴᠢᠭᠡᠭ᠍ᠰᠡᠨ᠂ ᠨᠢᠯᠬ᠎ᠠ ᠴᠠᠭᠠᠨ ᠭᠤᠶ᠎ᠠ ᠰᠢᠯᠪᠢ ᠲᠡᠶ ᠦᠬᠢᠳ ᠢ ᠴᠢᠨᠢ ᠡ︕ ᠴᠢ ᠳᠤᠷ᠎ᠠ ᠦᠭᠡᠶ ᠴᠤ ᠡᠪᠦᠷ ᠲᠤ ᠴᠢᠨᠢ ᠴᠢᠭᠢᠨᠡ ᠭᠡᠵᠤ ᠠᠭᠠᠵᠠᠭᠠᠢ ᠭᠦᠳᠡᠯᠳᠡᠯ᠎ᠡ ᠭᠡᠯᠡᠨ᠎ᠡ᠃
ᠯᠤᠤ ᠪᠠᠢ ᠶᠢᠨ ᠨᠢᠳᠤ ᠨᠢ ᠭᠡᠷᠡᠯᠳᠦᠵᠤ ᠶᠠᠭ ᠴᠠᠭᠠᠰᠢ ᠨᠢ ᠰᠤᠨᠤᠰᠤᠶ᠎ᠠ ᠭᠡᠵᠤ ᠪᠠᠢ᠌ᠳᠠᠯ᠎ᠠ ᠰᠢᠶᠤᠤ ᠵᠠᠩ ᠳᠡᠯᠳᠡᠭᠡᠷ ᠴᠢᠭᠢ ᠡᠴᠠ ᠨᠢ ᠴᠢᠩᠭ᠋ᠠᠭᠠᠵᠤ᠂ ᠠᠶᠠᠷᠬᠠᠨ ᠶᠢᠡᠷ᠄
᠊᠊᠊᠊᠊᠊᠊᠊᠊᠊᠊᠊᠊᠊᠊ ᠪᠢᠳᠠ ᠬᠤᠶᠠᠷ ᠥᠭᠡᠷ᠎ᠡ ᠶᠠᠭᠤᠮ᠎ᠠ ᠶᠠᠷᠢᠮᠵᠢ ᠭᠡᠯᠡ᠃
᠊᠊᠊᠊᠊᠊᠊᠊᠊᠊᠊᠊᠊᠊᠊ ᠬᠠᠢ᠂ ᠶᠠᠭᠤ ᠶᠢ ᠨᠢ ᠡᠷᠡᠭᠡᠯᠡᠭ᠍ᠰᠡᠨ ᠶᠤᠮ᠂ ᠡᠨᠡ ᠭᠡᠷ ᠲᠤ ᠪᠢᠳᠠ ᠬᠤᠶᠠᠷ ᠡᠴᠠ ᠥᠭᠡᠷ᠎ᠡ ᠭᠡᠨ ᠴᠤ ᠦᠭᠡᠶ᠂ ᠳᠤᠷ᠎ᠠ ᠪᠠᠷ ᠶᠠᠷᠢ᠂ ᠪᠠᠷᠭᠡᠨ ᠴᠢᠨᠢ ᠳᠦᠷᠭᠦᠮ ᠲᠡᠭᠡᠨ ᠶᠠᠪᠣᠭᠰᠠᠨ᠃ ᠮᠠᠷᠭᠠᠰᠢ ᠨᠥᠭᠦᠭᠡᠳᠦᠷ ᠯᠠ ᠰᠠᠶᠢ ᠢᠷᠠᠨ᠎ᠡ᠂ ᠶᠠᠷᠢ ᠡ᠂ ᠶᠠᠷᠢ᠃
᠊᠊᠊᠊᠊᠊᠊᠊᠊᠊᠊᠊᠊᠊᠊ ᠴᠢ ᠪᠠᠶᠠᠵᠢᠶ᠎ᠠ ᠭᠡᠵᠤ ᠪᠣᠳᠤᠨ᠎ᠠ ᠦᠦ︖
᠊᠊᠊᠊᠊᠊᠊᠊᠊᠊᠊᠊᠊᠊᠊ ᠢᠱᠢ︕ ᠠᠰᠠᠭᠤᠯᠭᠠᠨ ᠪᠠᠢ᠌ᠨ᠎ᠠ ᠦᠦ︖ ᠭᠡᠨ ᠪᠣᠳᠤᠬᠤ ᠦᠭᠡᠶ ᠪᠣᠢ︖
᠊᠊᠊᠊᠊᠊᠊᠊᠊᠊᠊᠊᠊᠊᠊ ᠴᠢ ᠵᠤᠷᠢᠭ ᠲᠡᠶ ᠦᠦ︖
᠊᠊᠊᠊᠊᠊᠊᠊᠊᠊᠊᠊᠊᠊᠊ ᠵᠤᠷᠢᠭ ᠲᠡᠶ᠂ ᠭᠡᠪᠠᠴᠤ ᠨᠠᠳᠠ ᠠᠳᠠᠯᠢ ᠭᠦᠳᠡᠭᠡ ᠶᠢᠨ ᠢᠳᠡᠭᠡᠮᠵᠢ ᠶᠢᠨ ᠬᠤᠷᠰᠢᠶᠠᠨ ᠤ ᠵᠢᠭᠡᠯᠡᠯᠭᠡ ᠳᠠᠯᠪᠢᠵᠤ ᠠᠮᠢᠳᠤᠷᠠᠳᠠᠭ ᠣᠯᠤᠰ ᠲᠤ ᠪᠣᠯ ᠨᠢᠭᠤᠵᠤ ᠬᠠᠪᠴᠢᠵᠤ ᠪᠠᠢ᠌ᠭᠠᠤᠨ ᠵᠢᠭᠡᠯᠡᠯᠭᠡ ᠠᠪᠣᠭᠰᠠᠤᠨ ᠡᠴᠠ ᠭᠤᠷᠪᠠ ᠳᠠᠪᠤᠨ ᠵᠠᠭᠤ ᠠᠪᠣᠭᠠᠤᠨ ᠨᠢᠭᠡ ᠬᠤᠶᠠᠷ ᠲᠦᠮᠡᠨ ᠵᠤᠭᠤᠰ ᠵᠢᠭᠡᠯᠡᠭᠦᠯᠭᠦ ᠡᠴᠠ ᠥᠭᠡᠷ᠎ᠡ ᠠᠷᠭ᠎ᠠ ᠦᠭᠡᠶ ᠰᠢᠤ᠂ ᠪᠢ ᠪᠠᠰᠠ ᠠᠵᠢᠯᠳᠠᠨ ᠢ ᠬᠠᠰᠤᠨ᠎ᠠ ᠭᠡᠭᠦ ᠡᠴᠠ ᠨᠢ ᠠᠶᠤᠭᠠᠤᠨ ᠡᠷᠳᠡ ᠳᠠᠷᠬᠠᠯᠠᠴᠢᠬᠠᠭᠰᠠᠨ᠂ ᠴᠠᠯᠢᠩ ᠪᠠᠳᠤᠯᠠᠭ᠎ᠠ ᠲᠡᠶ ᠪᠢᠰᠢ ᠦᠦ ᠳ᠋ᠠ᠃
᠊᠊᠊᠊᠊᠊᠊᠊᠊᠊᠊᠊᠊᠊᠊ ᠶᠠᠭ ᠪᠠᠶᠠᠵᠢᠬᠤ ᠠᠷᠭ᠎ᠠ ᠳᠡᠷᠭᠡᠳᠡ ᠴᠢᠨᠢ ᠪᠠᠢ᠌ᠨ᠎ᠠ᠂ ᠴᠢ ᠠᠯᠳᠠ ᠶᠢᠨ ᠣᠪᠣᠭᠠᠨ ᠤ ᠳᠡᠷᠭᠡᠳᠡ ᠠᠮᠢᠳᠤᠷᠠᠵᠤ ᠪᠠᠢ᠌ᠨ᠎ᠠ ᠰᠢᠤ ᠭᠡᠵᠤ ᠭᠡᠯᠡᠭᠦ ᠳᠡᠭᠡᠨ ᠠᠬ᠎ᠠ ᠪᠠᠨ ᠡᠰᠡ ᠯᠠ ᠡᠷᠭᠢᠭᠦᠤ ᠳᠤᠯᠤᠭᠠᠢ ᠭᠡᠴᠢᠭᠡᠭᠦ ᠰᠢᠬᠠᠭᠠᠤᠨ ᠵᠤᠭᠰᠤᠯ᠎ᠠ᠃
ᠬᠤᠶᠠᠭᠤᠯᠠ ᠨᠠᠯᠢᠶᠠᠤᠨ ᠬᠠᠯᠠᠵᠢ᠃ ᠰᠢᠶᠤᠤ ᠵᠠᠩ ᠤᠨ ᠪᠠᠭᠡᠵᠢᠩ ᠬᠤᠳᠠ ᠶᠢᠨ ᠵᠢᠷᠤᠭ ᠲᠡᠶ ᠵᠦᠩᠬᠤᠧᠨ ᠳᠠᠮᠠᠭᠢᠨ ᠤ ᠨᠢᠮᠭᠡᠨ ᠰᠢᠩᠭᠡᠨ ᠣᠨᠢᠶᠠᠷ ᠠᠯᠭᠤᠷᠬᠠᠨ ᠰᠤᠪᠣᠨᠠ᠃ ᠳᠠᠷᠠ ᠬᠠᠭᠤᠴᠢᠨ ᠭᠦᠷᠦᠭᠡᠭᠦᠷ᠂ ᠬᠤᠷᠢᠨ ᠨᠢᠭᠡ ᠶᠢᠨ ᠪᠣᠳᠤᠭᠳᠤ ᠳᠸᠯᠸᠢᠰ ᠳᠡᠭᠡᠷ᠎ᠡ ᠨᠢᠳᠤ ᠨᠢ ᠬᠠᠶᠠ ᠬᠠᠶᠠ ᠳᠤᠰᠤᠭᠰᠠᠨ ᠶᠢᠡᠨ ᠯᠤᠤ ᠪᠠᠢ ᠶᠢᠨ ᠶᠠᠭᠤ ᠪᠦᠭᠦᠨ ᠢ ᠨᠠᠪᠳᠠ ᠥᠵᠡᠭᠦ ᠶᠢ ᠶᠠᠭᠠᠷᠠᠬᠤ ᠰᠢᠭ ᠭᠢᠨᠠᠭᠤᠷ ᠰᠢᠠᠵᠢᠨ᠎ᠠ᠃
᠊᠊᠊᠊᠊᠊᠊᠊᠊᠊᠊᠊᠊᠊᠊ ᠳᠠᠨ ᠤ ᠡᠨᠡᠭᠦᠷ ᠬᠠᠭᠤᠴᠢᠨ ᠣᠩᠭ᠋ᠤᠨ ᠪᠠᠢ᠌ᠬᠤ ᠦᠦ︖
᠊᠊᠊᠊᠊᠊᠊᠊᠊᠊᠊᠊᠊᠊᠊ ᠣᠤᠯ ᠨᠢ ᠪᠠᠢ᠌ᠭᠰᠠᠨ᠂ ᠣᠬᠤᠬᠤ ᠶᠢ ᠨᠢ ᠣᠬᠤᠭᠠᠤᠨ ᠪᠠᠷᠠᠴᠢᠬᠠᠭᠰᠠᠨ᠂ ᠡᠨᠡ ᠴᠢᠨᠢ ᠯᠢᠶᠤᠤ ᠶᠢᠨ ᠪᠠᠭᠤᠷᠢ ᠶᠤᠮ ᠴᠢᠨᠢ᠃ ᠵᠠᠷᠢᠮ ᠨᠢ ᠭᠢᠠᠳᠠᠨ ᠳᠤ ᠣᠷᠤᠭᠠᠤᠨ ᠳᠠᠭᠤᠰᠤᠯ᠎ᠠ᠂ ᠵᠠᠷᠢᠮ ᠨᠢ ᠬᠠᠮᠢᠭ᠎ᠠ ᠴᠤ ᠰᠤᠷᠠᠭ ᠨᠢ ᠠᠯᠠᠭ᠎ᠠ᠂ ᠴᠢ ᠴᠢᠨᠢ ᠠᠷᠠᠢ︖
᠊᠊᠊᠊᠊᠊᠊᠊᠊᠊᠊᠊᠊᠊᠊ ᠶᠠᠭᠤ ᠨᠢ ᠠᠷᠠᠢ ᠮᠠᠷᠠᠢ ᠲᠡᠶ ᠶᠤᠮ︖ ᠪᠠᠢ᠌ᠬᠤ ᠶᠤᠮ ᠪᠣᠯ ᠣᠬᠤᠬᠤ ᠦᠭᠡᠶ ᠶᠠᠭᠠᠭᠢᠬᠤ ᠶᠤᠮ᠃ ᠶᠠᠭᠤ ᠶᠢ ᠨᠢ ᠨᠢᠭᠤᠬᠤᠪ᠂ ᠳᠡᠭᠦᠤ ᠶᠢᠨ ᠶᠢᠡᠨ ᠳᠠᠷᠠ ᠬᠠᠷ᠎ᠠ ᠮᠡᠯᠡᠭᠡᠢ ᠳᠡᠷᠭᠡ ᠶᠢ ᠬᠠᠷᠠᠯ᠎ᠠ ᠪᠢᠵᠠ᠂ ᠭᠡᠳᠤᠨ ᠲᠦᠮᠡ ᠭᠡᠵᠤ ᠪᠣᠳᠤᠨ᠎ᠠ᠂ ᠵᠠᠭᠤ ᠲᠦᠮᠡ ᠰᠢᠤ︕ ᠵᠠᠭᠤᠨ ᠲᠦᠮᠡ᠃ ᠴᠢ ᠳᠤᠮᠤ ᠮᠦᠩᠭᠦ ᠶᠢ ᠣᠯᠤᠭᠠᠤᠨ ᠠᠪᠣᠯ᠎ᠠ ᠭᠡᠪᠠᠯ ᠴᠠᠰᠤᠨ ᠪᠦᠮᠪᠦᠭᠡ ᠪᠦᠮᠪᠦᠷᠢᠯ᠎ᠡ ᠯᠠ ᠭᠡᠰᠡᠨ ᠥᠭᠡ᠃ ᠬᠠᠮᠤᠭ ᠤᠨ ᠴᠢᠬᠤᠯᠠ ᠨᠢ ᠵᠤᠷᠢᠭ ᠰᠢᠤ᠂ ᠵᠤᠷᠢᠭ᠃
᠊᠊᠊᠊᠊᠊᠊᠊᠊᠊᠊᠊᠊᠊᠊ ᠠᠢ᠂ ᠭᠡᠨ ᠴᠤ ᠮᠡᠳᠡᠭᠦ ᠦᠭᠡᠶ ᠪᠣᠯ ᠶᠠᠭᠠᠭᠢᠬᠤ ᠪᠣᠢ︖ ᠮᠠᠳᠠᠯ᠎ᠠ ᠭᠡᠪᠠᠯ ᠬᠠᠷ᠎ᠠ ᠭᠡᠷ ᠤᠨ ᠬᠠᠳᠠᠭᠠᠰᠤ ᠭᠡᠵᠤ ᠮᠠᠳᠠ᠂ ᠴᠢ ᠡᠢ᠌ᠮᠤ ᠪᠠᠶᠠᠨ᠂ ᠪᠢ ᠴᠤ ᠡᠪᠯᠡᠭᠦᠯᠴᠢᠭᠡᠨᠡ᠂ ᠶᠠᠭᠤ ᠭᠢᠨ᠎ᠡ᠂ ᠳᠡᠭᠡᠭᠦ ᠡᠴᠠ ᠮᠠᠨ ᠤ ᠳᠡᠭᠡᠷ᠎ᠡ ᠠᠢ᠌ᠯ ᠤᠨ ᠮᠤᠩᠭ᠋ᠤᠯ ᠠᠬ᠎ᠠ ᠳᠡᠭᠦᠤ ᠭᠡᠯᠡᠵᠤ ᠪᠠᠢ᠌ᠭᠰᠠᠨ᠂ ᠰᠦᠮ᠎ᠡ ᠶᠢᠨ ᠭᠦᠡᠳᠡᠢ ᠳᠤ ᠭᠦᠭᠡ ᠳᠤᠭᠤᠰᠬ᠎ᠠ ᠨᠢ ᠢᠯᠠ ᠭᠠᠷᠤᠭᠰᠠᠨ ᠡᠷᠳᠡᠨ ᠤ ᠣᠩᠭ᠋ᠤᠨ ᠪᠠᠢ᠌ᠨ᠎ᠠ ᠯᠠ ᠭᠡᠵᠤ᠂ ᠳᠤᠮᠤ ᠴᠤ ᠰᠠᠭᠤᠷᠢ ᠲᠡᠶ ᠣᠪᠣᠭ᠎ᠠ ᠭᠡᠨ᠎ᠡ᠃
ᠰᠢᠶᠤᠤ ᠵᠠᠩ ᠤᠨ ᠣᠨᠢᠭᠠᠷ ᠨᠢᠳᠤ ᠨᠢ ᠳᠤᠤᠷ᠎ᠠ ᠪᠠᠨ ᠭᠡᠷᠡᠯᠳᠦᠵᠤ᠄
᠊᠊᠊᠊᠊᠊᠊᠊᠊᠊᠊᠊᠊᠊᠊ ᠴᠢ ᠣᠯᠵᠤ ᠳᠠᠢ᠌ᠯᠤᠨ᠎ᠡ ᠦᠦ︖
᠊᠊᠊᠊᠊᠊᠊᠊᠊᠊᠊᠊᠊᠊᠊ ᠡᠷᠢᠪᠠᠯ ᠴᠤ ᠣᠯᠤᠯ ᠦᠭᠡᠶ ᠳ᠋ᠠ᠂ ᠪᠣᠯᠵᠢ᠂ ᠶᠠᠭᠤ ᠭᠢᠨ᠎ᠡ᠂ ᠳᠤᠯᠤᠭᠠᠢ ᠴᠢᠨᠢ ᠮᠦᠷᠤᠨ ᠳᠡᠭᠡᠷ᠎ᠡ ᠪᠠᠨ ᠪᠠᠢ᠌ᠵᠤ ᠪᠠᠢ᠌ᠪᠠᠯ ᠡᠪᠳᠡᠢ ᠰᠢᠤ ᠳ᠋ᠠ᠃
᠊᠊᠊᠊᠊᠊᠊᠊᠊᠊᠊᠊᠊᠊᠊ ᠡᠴᠢᠭᠡ ᠶᠢᠨ ᠭᠢᠨᠢ᠂ ᠠᠯᠢ ᠴᠢᠳᠠᠯ ᠲᠡᠶ ᠭᠡᠵᠤ ᠣᠭᠰᠣᠢ᠌ᠵᠤ ᠪᠠᠢ᠌ᠬᠤ ᠤᠳ ᠴᠢᠨᠢ ᠪᠦᠷ ᠳᠡᠭᠡᠷᠡᠮᠴᠢᠨ᠂ ᠬᠤᠯᠠᠭᠠᠢ᠌ᠴᠢ᠂ ᠵᠤᠯᠪᠢᠨ᠃
᠊᠊᠊᠊᠊᠊᠊᠊᠊᠊᠊᠊᠊᠊᠊ ᠦᠭᠡᠶ ᠡ᠂ ᠴᠢ ᠴᠢᠨᠢ ᠰᠤᠭᠳᠤᠯ᠎ᠠ ᠪᠣᠯᠤᠯᠳᠠᠢ᠂ ᠨᠤᠭᠤᠭ᠎ᠠ ᠡᠴᠠ ᠨᠢ ᠰᠠᠪ᠊ᠬᠠᠯᠠ᠂ ᠪᠢᠳᠠᠨ ᠤ ᠡ᠊ᠨᠳᠡ ᠴᠢᠨᠢ ᠠᠷᠭ᠎ᠠ ᠦᠭᠡᠶ ᠰᠢᠤ᠃ ᠵᠤᠴᠢᠨ ᠢᠷᠠᠪᠠᠯ ᠡᠷ᠎ᠡ ᠴᠤ ᠪᠣᠯᠤᠭ᠂ ᠡᠮ᠎ᠡ ᠴᠤ ᠪᠣᠯᠤᠭ᠂ ᠳᠠᠭᠢᠶ᠎ᠠ ᠪᠠᠨ ᠳᠠᠷᠤᠵᠤ ᠣᠨᠠᠭᠠᠭᠠᠤᠨ ᠵᠢᠶᠠᠩ ᠰᠤᠩᠭᠢᠨ᠎ᠡ ᠪᠠᠷ ᠪᠣᠯᠭᠠᠳᠠᠭ᠃ ᠪᠢ ᠦᠨᠡᠨ ᠶᠢᠡᠨ ᠭᠡᠯᠡᠵᠤ ᠪᠠᠢ᠌ᠨ᠎ᠡ ᠰᠢᠤ ᠭᠡᠵᠤ ᠠᠷᠭ᠎ᠠ ᠪᠠᠷᠠᠨ᠎ᠠ᠃
᠊᠊᠊᠊᠊᠊᠊᠊᠊᠊᠊᠊᠊᠊᠊ ᠶᠠᠭᠤᠨᠢ ᠴᠢᠨᠢ ᠰᠤᠭᠳᠤᠬᠤ ᠶᠤᠮ᠂ ᠬᠠᠷᠢᠨ ᠰᠡᠷᠭᠡᠭ᠌ ᠪᠣᠯᠤᠭᠰᠠᠨ᠃
᠊᠊᠊᠊᠊᠊᠊᠊᠊᠊᠊᠊᠊᠊᠊ ᠴᠢ ᠪᠣᠳᠤ᠂ ᠳᠡᠯᠡᠭᠡᠢ ᠶᠢ ᠣᠳᠤᠷᠢᠤᠠᠴᠤ ᠪᠠᠢ᠌ᠬᠤ ᠠᠮᠸᠢᠷᠢᠺᠠ ᠶᠢᠨ ᠶᠡᠷᠦᠩᠭᠡᠢ᠌ᠯᠡᠭ᠍ᠴᠢ ᠴᠢᠨᠢ ᠳᠡᠭᠡᠷᠡᠮᠴᠢᠨ ᠰᠢᠤ ᠳ᠋ᠠ᠂ ᠳᠠᠯᠠᠢ ᠶᠢᠨ ᠪᠣᠯᠤᠩ ᠤᠨ ᠴᠢᠯᠠᠭᠤᠨ ᠳᠤᠰᠤ ᠶᠢ ᠪᠣᠯᠢᠶᠠᠵᠤ ᠦᠭᠡᠶ ᠶᠠᠭᠠᠭᠢᠭᠰᠠᠨ ᠪᠣᠢ᠂ ᠬᠤᠯᠠ ᠶᠢ ᠪᠣᠤ ᠭᠡᠯᠡ︕ ᠴᠢ ᠳᠠᠷᠠ ᠪᠠᠯᠭᠠᠰᠤ ᠪᠣᠯᠤᠨ ᠰᠢᠶᠠᠨ ᠤ ᠨᠤᠶᠠᠤᠨ ᠤᠳ ᠢ ᠭᠡᠯᠡ᠂ ᠴᠠᠯᠢᠩ ᠣᠯᠵᠤ ᠣᠯᠤᠰ ᠤᠨ ᠠᠵᠢᠯ ᠢ ᠭᠢᠵᠤ ᠪᠠᠢ᠌ᠭᠠᠤᠨ ᠶᠠᠭᠤᠮ᠎ᠠ ᠦᠭᠭᠦ ᠦᠭᠡᠶ ᠪᠣᠯ ᠶᠠᠪᠣᠳᠠᠯ ᠪᠦᠳᠦᠭᠡᠵᠤ ᠦᠭᠭᠦ ᠦᠭᠡᠶ᠂ ᠳᠠᠳᠠᠨ ᠢ ᠴᠢᠨᠢ ᠬᠤᠪᠠᠯᠵᠠ ᠭᠡᠵᠤ ᠭᠡᠯᠡᠭᠦ ᠦᠭᠡᠶ ᠶᠠᠭᠠᠭᠢᠨ᠎ᠠ᠃ ᠣᠯᠤᠰ ᠨᠠᠢ᠌ᠳᠠ ᠶᠢᠨ ᠵᠤᠭᠤᠰ ᠢ ᠳ᠋ᠦ᠋ᠩᠰᠢᠭᠤᠷ ᠲᠦᠮᠡ ᠪᠠᠷ ᠢᠳᠠᠨ᠎ᠡ᠂ ᠳᠠᠷᠠ ᠴᠢᠨᠢ ᠬᠤᠯᠠᠭᠠᠢ᠌ᠴᠢ ᠭᠡᠭᠦ ᠦᠭᠡᠶ ᠶᠠᠭᠤ ᠭᠡᠨ᠎ᠡ᠃ ᠪᠠᠰᠠ ᠵᠠᠷᠢᠮ ᠨᠢ ᠭᠤᠷᠪᠠ ᠳᠠᠪᠤᠨ ᠪᠠᠭ᠎ᠠ ᠡᠮ᠎ᠡ ᠲᠡᠶ᠂ ᠭᠦᠭᠡᠷᠦᠭᠦᠢ ᠵᠠᠷᠢᠮ ᠨᠢ ᠶᠠᠩᠬᠠᠨ ᠳᠤ ᠣᠷᠤᠨ᠎ᠡ᠂ ᠵᠤᠯᠪᠢᠨ ᠭᠡᠭᠦ ᠦᠭᠡᠶ ᠶᠠᠭᠤ ᠭᠡᠨ᠎ᠡ᠃ ᠭᠡᠨ ᠳᠤᠷᠤᠢ ᠶᠤᠮ︖ ᠳᠠ ᠳᠠᠨ ᠰᠢᠭ ᠨᠢ ᠰᠢᠤ︕ ᠳᠠᠷᠢᠶᠠᠴᠢᠨ ᠮᠠᠯᠴᠢᠨ ᠤᠳ ᠰᠢᠤ᠂ ᠳᠤᠷ᠎ᠠ ᠦᠭᠡᠶ ᠴᠤ ᠭᠡᠰᠡᠨ ᠰᠠᠯᠵᠤ ᠴᠢᠳᠠᠬᠤ ᠦᠭᠡᠶ ᠭᠦᠭ᠍ᠰᠢᠨ ᠡᠮ᠎ᠡ ᠶᠢᠨ ᠶᠢᠡᠨ ᠭᠤᠶ᠎ᠠ ᠶᠢ ᠳᠡᠪᠠᠷᠢᠭᠡᠳ ᠦᠷᠭᠡᠯᠡᠨ᠎ᠡ᠃
ᠯᠤᠤ ᠪᠠᠢ ᠶᠢᠨ ᠨᠢᠳᠤ ᠨᠢ ᠡᠷᠢᠶᠡᠯᠵᠢᠵᠤ᠂ ᠴᠢᠭᠢ ᠨᠢ ᠱᠤᠤᠭᠢᠯ᠎ᠠ᠃ ᠬᠤᠯᠠ ᠶᠠᠪᠣᠵᠤ ᠨᠢᠭᠡ ᠶᠢ ᠥᠵᠡᠭ᠍ᠰᠡᠨ ᠭᠦᠮᠤᠨ ᠥᠨᠡᠭᠡᠷ ᠠᠮᠠᠷ ᠦᠭᠡᠶ᠃ ᠪᠣᠳᠤᠪᠠᠯ ᠪᠠᠰᠠ ᠡᠭᠦᠨ ᠤ ᠡᠨᠡ ᠣᠨᠤᠭᠠᠵᠤ ᠪᠠᠢ᠌ᠬᠤ ᠳᠠᠯ᠎ᠠ ᠪᠠᠢ᠌ᠬᠤ ᠰᠢᠭ᠃ ᠭᠡᠳᠡᠯ᠎ᠡ ᠮᠠᠨ ᠤ ᠣᠯᠤᠰ ᠴᠢᠨᠢ ᠬᠠᠤᠯᠢ ᠶᠢ ᠴᠢᠩᠭ᠋ᠠᠳᠬᠠᠵᠤ ᠪᠠᠢ᠌ᠬᠤ ᠣᠯᠤᠰ ᠰᠢᠤ ᠳ᠋ᠠ᠃
᠊᠊᠊᠊᠊᠊᠊᠊᠊᠊᠊᠊᠊᠊᠊ ᠬᠠᠤᠯᠢ ᠪᠠᠢ᠌ᠨ᠎ᠠ ᠰᠢᠤ ᠳᠡᠭᠦᠤ ᠮᠢᠨᠢ︕
᠊᠊᠊᠊᠊᠊᠊᠊᠊᠊᠊᠊᠊᠊᠊ ᠬᠠᠤᠯᠢ ᠡ᠂ ᠶᠠᠭᠤᠨ ᠤ ᠭᠢᠨᠢ᠂ ᠭᠠᠤᠯᠢ ᠭᠡᠵᠤ ᠮᠠᠳᠠ᠃
᠊᠊᠊᠊᠊᠊᠊᠊᠊᠊᠊᠊᠊᠊᠊ ᠴᠢ ᠦᠪᠡᠷ ᠢ ᠪᠠᠨ ᠭᠦᠮᠤᠨ ᠤ ᠡᠮ᠎ᠡ ᠳᠤ ᠣᠷᠤᠭᠠᠤᠨ ᠪᠠᠷᠢᠭᠳᠠᠪᠠ ᠭᠡᠵᠤ ᠪᠣᠳᠤ᠃
᠊᠊᠊᠊᠊᠊᠊᠊᠊᠊᠊᠊᠊᠊᠊ ᠪᠢ ᠶᠠᠭᠤᠨ ᠤ ᠭᠦᠮᠤᠨ ᠤ ᠡᠮ᠎ᠡ ᠳᠤ ᠣᠷᠤᠬᠤ ᠶᠤᠮ︖ ᠡᠪᠦᠭᠡᠨ ᠪᠣᠯᠵᠤ ᠪᠠᠢ᠌ᠭᠠᠤᠨ᠃
᠊᠊᠊᠊᠊᠊᠊᠊᠊᠊᠊᠊᠊᠊᠊ ᠦᠭᠡᠶ ᠡ᠂ ᠪᠢ ᠵᠣᠢ᠌ᠷᠯᠠᠵᠤ ᠪᠠᠢ᠌ᠨ᠎ᠠ ᠰᠢᠤ ᠳ᠋ᠠ᠃
᠊᠊᠊᠊᠊᠊᠊᠊᠊᠊᠊᠊᠊᠊᠊ ᠵᠠ᠂ ᠵᠠ᠃
᠊᠊᠊᠊᠊᠊᠊᠊᠊᠊᠊᠊᠊᠊᠊ ᠦᠨᠦ ᠬᠠᠤᠯᠢ ᠴᠢᠨᠢ ᠵᠠᠭᠠᠯᠳᠤᠭᠰᠠᠨ ᠵᠠᠭᠠᠯᠳᠤᠭᠳᠠᠠᠭᠰᠠᠨ ᠬᠤᠶᠠᠷ ᠳᠠᠯ᠎ᠠ ᠶᠢ ᠭᠡᠮᠡᠯᠢᠭ᠍ᠰᠡᠭᠡᠷ ᠪᠠᠢ᠌ᠵᠤ ᠨᠢᠴᠦᠭᠦᠯᠡᠴᠢᠭᠡᠨᠡ᠃ ᠡᠢ᠌ᠮᠤ ᠶᠠᠪᠣᠳᠠᠯ ᠦᠭᠡᠶ ᠦᠦ︖ ᠴᠢ ᠭᠡᠯᠡ︖
᠊᠊᠊᠊᠊᠊᠊᠊᠊᠊᠊᠊᠊᠊᠊ ᠪᠦᠷ ᠳᠠᠢ᠌ᠮᠤ ᠪᠢᠰᠢ ᠰᠢᠤ᠃
᠊᠊᠊᠊᠊᠊᠊᠊᠊᠊᠊᠊᠊᠊᠊ ᠬᠠᠢ᠂ ᠴᠢ ᠳᠤᠷᠠᠨ ᠪᠠᠷᠢᠭᠠᠤᠨ ᠴᠢᠨ᠋ᠸ᠎ᠠ ᠬᠠᠷᠠᠭᠤᠯᠵᠤ ᠦᠭᠡᠶ ᠰᠢᠤ᠃
* * * *
ᠯᠤᠤ ᠪᠠᠢ ᠶᠢᠨ ᠭᠦᠭ᠍ᠰᠢᠨ ᠭᠡᠵᠤ ᠳᠠᠷᠭᠤᠨ ᠰᠢᠷ᠎ᠠ ᠭᠦᠭ᠍ᠰᠢᠨ᠃ ᠨᠤᠭᠤᠭ᠎ᠠ ᠬᠠᠭᠤᠷᠤᠭᠠᠤᠨ ᠶᠠᠭᠠᠷᠠᠨ᠎ᠠ᠃ ᠰᠤᠩᠭᠢᠨ᠎ᠠ ᠭᠤᠭᠤᠳ ᠤᠨ ᠦᠨᠦᠷ ᠲᠤ ᠦᠯᠦᠰᠦᠭᠰᠠᠨ ᠬᠤᠶᠠᠷ ᠤᠨ ᠬᠠᠮᠷ ᠨᠢ ᠰᠠᠷᠳᠠᠯᠵᠠᠨᠡ᠃
᠊᠊᠊᠊᠊᠊᠊᠊᠊᠊᠊᠊᠊᠊᠊ ᠳᠠ ᠬᠤᠶᠠᠷ ᠴᠢᠨᠢ ᠡᠨᠡ ᠭᠡᠳᠤᠨ ᠡᠳᠦᠷ ᠶᠠᠭᠤᠨ ᠳᠤ ᠭᠦᠶᠦᠭᠡᠳ ᠯᠠ ᠪᠠᠢ᠌ᠬᠤ ᠪᠣᠢ᠂ ᠬᠤᠪᠴᠠᠰᠤ ᠬᠤᠨᠠᠷ ᠶᠢᠡᠨ ᠦᠵᠡ᠂ ᠯᠤᠤ ᠪᠠᠢ ᠴᠤ ᠶᠠᠭᠤ ᠪᠢᠵᠠ᠂ ᠨᠠᠰᠤᠨ ᠳᠠᠭᠠᠨ ᠡᠢ᠌ᠮᠤ ᠯᠠ ᠶᠤᠮ ᠴᠢᠨᠢ᠂ ᠳᠡᠭᠦᠤ ᠳᠡᠭᠡᠨ ᠶᠠᠭᠤᠨᠢ ᠦᠨᠦ ᠮᠠᠭᠤ ᠮᠠᠯᠠᠭᠠᠢ ᠪᠠᠨ ᠡᠮᠦᠰᠦᠭᠦᠯᠴᠢᠭᠡᠭ᠍ᠰᠡᠨ ᠶᠤᠮ ︖
᠊᠊᠊᠊᠊᠊᠊᠊᠊᠊᠊᠊᠊᠊᠊ ᠪᠢᠳᠠ ᠠᠭᠤᠯᠠᠨ ᠳᠤ ᠭᠠᠷᠤᠭᠰᠠᠨ᠂ ᠠᠭᠤᠷᠠᠬᠠᠢ ᠬᠠᠢ᠌ᠭᠰᠠᠨ᠃ ᠪᠦᠯᠤ ᠳᠡᠭᠦᠤ ᠴᠢᠨᠢ ᠣᠭ ᠤᠨ ᠪᠦᠯᠤ ᠳᠡᠭᠦᠤ ᠪᠢᠰᠢ ᠰᠢᠤ᠂ ᠴᠢ ᠳᠡᠷᠭᠡᠨ ᠳᠤ ᠨᠢ ᠭᠦᠷᠳᠡᠯ᠎ᠡ ᠰᠠᠭᠤᠯ᠎ᠠ ᠪᠠ᠂ ᠭᠡᠳᠦᠢ ᠵᠤᠭᠤᠰ ᠢ ᠨᠢ ᠰᠤᠨᠤᠰᠪᠠᠯ ᠵᠢᠷᠦᠭᠡ ᠴᠢᠨᠢ ᠬᠠᠭᠠᠷᠠᠨ᠎ᠠ᠃ ᠨᠢᠭᠡ ᠳᠤᠮᠤ ᠺᠤᠮᠫᠠᠨᠢ ᠲᠡᠶ ᠭᠡᠷ᠎ᠡ ᠳᠤᠭᠳᠠᠵᠠᠢ᠃ ᠨᠢᠭᠡ ᠰᠠᠢ᠌ᠨ ᠠᠭᠤᠷᠬᠠᠢ ᠶᠢᠨ ᠪᠣᠯᠠᠭᠳᠠᠴᠠ ᠶᠢ ᠬᠠᠢ᠌ᠨ ᠢᠯᠡᠷᠡᠭᠦᠯᠪᠠᠯ ᠳᠤᠮᠤ ᠮᠦᠩᠭᠦ ᠣᠯᠤᠨ᠎ᠠ ᠭᠡᠨ᠎ᠡ᠃ ᠴᠢ ᠴᠤ ᠬᠤᠳᠠᠨ ᠳᠤ ᠰᠠᠭᠤᠵᠤ᠂ ᠠᠰᠠᠷ ᠲᠤ ᠨᠡᠭᠦᠵᠤ᠂ ᠰᠠᠢ᠌ᠨ ᠢ ᠢᠳᠠᠵᠤ ᠡᠮᠦᠰᠦᠶ᠎ᠡ ᠭᠡᠪᠠᠯ ᠵᠥᠭᠡᠷ ᠯᠠ ᠬᠤᠷᠳᠤᠬᠠᠨ ᠨᠤᠭᠤᠭ᠎ᠠ ᠪᠠᠨ ᠬᠠᠭᠤᠷ᠂ ᠪᠢᠳᠠ ᠮᠦᠳᠳᠤ ᠭᠦᠳᠡᠯᠦᠯ᠎ᠡ᠃
᠊᠊᠊᠊᠊᠊᠊᠊᠊᠊᠊᠊᠊᠊᠊ ᠶᠠᠭᠤ ︖ ᠮᠦᠳᠳᠤ ᠭᠦᠳᠡᠯᠦᠯ᠎ᠡ᠂ ᠮᠠᠷᠭᠠᠰᠢ ᠪᠣᠯᠴᠢᠬ᠎ᠠ᠂ ᠪᠢ ᠪᠠᠰᠠ ᠪᠦᠯᠤ ᠳᠡᠭᠦᠤ ᠲᠡᠶ ᠣᠯᠢᠭᠳᠠᠢ ᠶᠠᠷᠢᠯᠴᠠᠵᠤ ᠵᠠᠪᠳᠤᠭᠠᠳᠤᠢ᠂ ᠦᠨᠦᠳᠤᠷ ᠪᠢ ᠪᠠᠰᠠ ᠣᠤᠭᠤᠨ᠎ᠠ᠃
᠊᠊᠊᠊᠊᠊᠊᠊᠊᠊᠊᠊᠊᠊᠊ ᠪᠣᠯᠵᠢ᠂ ᠠᠷᠪᠢᠨ ᠶᠠᠷᠢᠯᠭᠠᠨ ᠦᠭᠡᠶ᠂ ᠡᠮ᠎ᠡ ᠭᠦᠮᠤᠨ ᠪᠠᠢ᠌ᠭᠠᠤᠨ ᠶᠠᠭᠤᠨᠢ ᠱᠤᠷ ᠱᠤᠷ ᠭᠤᠷ ᠭᠤᠷ ᠭᠡᠳ ᠭᠡᠵᠤ ᠠᠮᠠ ᠶᠢ ᠨᠢ ᠬᠠᠭᠠᠵᠤ᠂ ᠭᠠᠳᠠᠨ᠎ᠠ ᠭᠡᠷ ᠲᠤ ᠵᠠᠯᠠᠪᠠ᠃
᠊᠊᠊᠊᠊᠊᠊᠊᠊᠊᠊᠊᠊᠊᠊ ᠴᠢᠨᠤ ᠳᠠᠷᠠ ᠮᠤᠩᠭ᠋ᠤᠯ ᠵᠢᠯᠤᠭᠤᠴᠢ ᠴᠢᠨᠢ ᠪᠣᠯᠤᠨ᠎ᠠ ᠦᠦ ᠳ᠋ᠠ᠂ ᠵᠠᠷᠢᠮ ᠨᠢ ᠰᠡᠭᠦᠯ ᠪᠠᠷᠢᠴᠢᠬᠠᠵᠤ᠂ ᠮᠦᠩᠭᠦ ᠨᠡᠮᠡᠭᠦᠯᠦᠭᠡᠳ ᠪᠠᠢ᠌ᠳᠠᠭ ᠶᠤᠮ ᠰᠢᠤ ᠭᠡᠵᠤ ᠠᠶᠠᠷᠬᠠᠨ ᠶᠠᠷᠢᠨ᠎ᠠ᠃
᠊᠊᠊᠊᠊᠊᠊᠊᠊᠊᠊᠊᠊᠊᠊ ᠬᠠᠢ᠂ ᠮᠢᠨᠤ ᠠᠬ᠎ᠠ ᠳᠡᠭᠦᠤ ᠪᠦᠷ ᠨᠤᠮᠤᠬᠠᠨ᠂ ᠡᠨᠡ ᠳᠡᠯᠭᠡᠷ ᠵᠢᠯᠤᠭᠤᠴᠢ ᠶᠠᠭᠤ ᠴᠤ ᠬᠠᠮᠢᠶᠠᠷᠬᠤ ᠦᠭᠡᠶ᠂ ᠭᠡᠷᠡᠭᠯᠡᠪᠠᠯ ᠨᠡᠭᠡᠭᠡᠭ᠍ᠳᠡᠵᠤ᠂ ᠭᠡᠷᠡᠭᠯᠡᠭᠦ ᠦᠭᠡᠶ ᠪᠣᠯ ᠬᠤᠮᠢᠭᠳᠠᠵᠤ ᠪᠠᠢ᠌ᠳᠠᠭ ᠡᠪᠭᠡᠮᠡᠯ ᠭᠢᠳᠤᠭ᠎ᠠ ᠠᠳᠠᠯᠢ ᠭᠦᠮᠤᠨ ᠰᠢᠤ᠃ ᠪᠢᠳᠠ ᠳᠠᠷᠠ ᠶᠢ ᠶᠠᠮᠠᠷ ᠬᠠᠵᠠᠭᠤ ᠳᠤ ᠪᠠᠨ ᠠᠪᠠᠴᠢᠬᠤ ᠴᠤ ᠪᠢᠰᠢ᠂ ᠪᠢ ᠠᠭᠤᠷᠬᠠᠢ ᠶᠢᠨ ᠴᠢᠯᠠᠭᠤ ᠡᠷᠢᠵᠤ ᠪᠠᠢ᠌ᠨ᠎ᠠ ᠯᠠ ᠭᠡᠰᠡᠨ᠂ ᠴᠢ ᠳᠡᠭᠦᠨ ᠤ 2020 ᠳᠡᠷᠭᠡ ᠶᠢ ᠵᠢᠯᠤᠭᠤᠤᠠᠴᠤ ᠴᠢᠳᠠᠨ᠎ᠠ ᠪᠠ︖
᠊᠊᠊᠊᠊᠊᠊᠊᠊᠊᠊᠊᠊᠊᠊ ᠶᠠᠭᠠᠭᠢᠬᠤ ᠶᠤᠮ ︖
᠊᠊᠊᠊᠊᠊᠊᠊᠊᠊᠊᠊᠊᠊᠊ ᠮᠦᠳᠳᠤ ᠳᠡᠭᠦᠨ ᠳᠡᠭᠡᠨ ᠪᠣᠷᠳᠤᠭᠰᠠᠨ ᠭᠡᠳᠡᠰᠤ᠂ ᠭᠠᠬᠠᠢ ᠶᠢᠨ ᠰᠢᠭᠢᠷ᠎ᠠ᠂ ᠭᠡᠳᠤᠨ ᠰᠢᠯ ᠶᠠᠭᠤᠮ᠎ᠠ ᠲᠡᠶ ᠥᠭ᠍ᠴᠢᠭᠡ᠃ ᠡᠳᠡ ᠳᠠᠷᠠᠨ ᠳᠡᠭᠡᠨ ᠳᠤᠷᠠᠳᠠᠢ ᠣᠯᠤᠰ᠂ ᠰᠤᠭᠳᠤᠪᠠᠯ ᠨᠠᠩ ᠰᠠᠢ᠌ᠨ ᠰᠢᠳᠠ᠂ ᠳᠡᠭᠡᠪᠠᠯ ᠴᠢ ᠳᠡᠷᠭᠡ ᠶᠢ ᠨᠢ ᠪᠠᠷᠢᠬᠤ ᠦᠭᠡᠶ ᠦᠦ︖
᠊᠊᠊᠊᠊᠊᠊᠊᠊᠊᠊᠊᠊᠊᠊ ᠪᠢ ᠣᠷᠤᠰ ᠤᠨ ᠰᠠᠠᠰᠠᠷ ᠤᠨ ᠭᠦᠯᠭᠡ᠂ ᠠᠮᠸᠢᠺᠠ ᠶᠢᠨ ᠨᠢᠰᠭᠡᠯ ᠳᠡᠭᠡᠭᠡᠭᠦ ᠣᠩᠭ᠋ᠤᠴᠠ ᠶᠢ ᠵᠢᠯᠤᠭᠤᠤᠠᠴᠤ ᠴᠢᠳᠠᠬᠤ ᠦᠭᠡᠶ ᠡᠴᠠ ᠪᠢᠰᠢ᠂ ᠮᠠᠭᠤ ᠭᠠᠵᠠᠷ ᠳᠡᠭᠡᠷ᠎ᠡ ᠮᠥᠯᠭᠦᠳᠡᠭ᠌ ᠢ ᠪᠣᠯ ᠶᠠᠭᠤ ᠶᠢ ᠨᠢ ᠠᠰᠠᠭᠤᠬᠤ ᠶᠤᠮ ᠭᠡᠯᠡ᠃
* * * *
ᠦᠳᠡ ᠭᠡᠯᠪᠠᠢ᠌ᠵᠡᠢ᠃
ᠠᠮᠠ ᠨᠢ ᠬᠠᠯᠠᠵᠤ᠂ ᠭᠡᠳᠡᠰᠤ ᠪᠠᠨ ᠪᠣᠷᠳᠤᠭᠰᠠᠨ ᠬᠤᠶᠠᠷ᠂ ᠪᠠᠭᠠᠯ ᠲᠡᠶ ᠪᠠᠨ ᠭᠤᠷᠪᠠᠭᠤᠯᠠ ᠳᠡᠷᠭᠡᠨ ᠳᠤ ᠭᠠᠷᠤᠯ᠎ᠠ᠃ ᠭᠢᠩᠭ᠎ᠠ ᠭᠠᠵᠠᠷ ᠤᠨ ᠠᠭᠤᠯᠠ ᠣᠰᠤ ᠭᠡᠵᠤ ᠴᠡᠩᠭᠡᠷ ᠣᠨᠢᠶᠠᠷ ᠭᠦᠰᠢᠭᠯᠡᠵᠤ᠂ ᠨᠡᠭᠡᠷᠡᠨ ᠳᠠᠭᠠᠯᠠᠮᠵᠢᠳᠠᠢ᠃ ᠱᠤᠪᠬᠤ ᠱᠤᠪᠬᠤ ᠠᠭᠤᠯᠠᠰ ᠤᠨ ᠳᠤᠮᠳᠠᠭᠤᠷ ᠠᠶᠠᠯᠠᠬᠤ ᠨᠢ ᠳᠡᠩᠰᠡᠯᠭᠡᠨ ᠳᠤᠩᠰᠤᠯᠭᠠᠨ ᠲᠡᠶ ᠪᠣᠯᠪᠠᠴᠤ᠂ ᠴᠤᠩᠬᠤ ᠪᠠᠷ ᠬᠠᠶᠠ ᠬᠠᠶᠠ ᠭᠦᠭᠡ ᠨᠤᠭᠤᠭᠠᠨ ᠤ ᠦᠨᠦᠷ ᠦᠨᠦᠰᠳᠠᠵᠤ᠂ ᠣᠢ ᠮᠤᠳᠤᠳ ᠰᠢᠭᠣᠢ᠌ᠷᠠᠨ ᠡᠴᠢᠨ᠎ᠡ ᠭᠣᠢ᠌ᠳᠠ᠃ ᠵᠠᠮ ᠭᠡᠳᠦᠢ ᠮᠤᠷᠤᠢ ᠰᠠᠷᠤᠢ ᠴᠤ ᠳᠡᠷᠭᠡ ᠳᠤᠷᠬᠤ ᠪᠠᠷ ᠦᠭᠡᠶ᠃ ᠴᠢᠯᠠᠭᠤ ᠨᠢ ᠭᠦᠷᠳᠡᠯ᠎ᠡ ᠭᠡᠷᠡᠯᠳᠦᠭ᠍ᠰᠡᠨ ᠠᠭᠤᠯᠠᠨ ᠭᠤᠤᠯ ᠢ ᠥᠭ᠍ᠰᠦᠵᠤ ᠪᠠᠰᠠ ᠴᠠᠰᠢ ᠶᠠᠪᠣᠭᠰᠠᠨ ᠶᠢᠡᠨ ᠭᠠᠵᠠᠷ ᠭᠦᠳᠡᠯᠦᠯᠳᠡ ᠳᠤ ᠰᠠᠭᠤᠭᠳᠠᠭᠰᠠᠨ ᠪᠣᠶᠤ ᠭᠦᠮᠤᠨ ᠤ ᠭᠦᠴᠤ ᠪᠠᠷ ᠵᠠᠰᠠᠭᠰᠠᠨ ᠭᠡᠵᠤ ᠪᠣᠳᠤᠭᠳᠠᠮᠠᠷ ᠰᠢᠯᠤᠭᠤᠨ ᠭᠤᠤ ᠪᠠᠷ ᠳᠤᠳᠤᠭᠰᠢᠯᠠᠨᠠ᠃ ᠳᠡᠭᠡᠵᠤ ᠳᠦᠷᠪᠠ ᠳᠠᠪᠤᠨ ᠭᠠᠵᠠᠷ ᠠᠶᠠᠯᠠᠭᠰᠠᠨ ᠶᠢᠡᠨ ᠴᠠᠭᠠᠰᠢ ᠶᠠᠪᠣᠬᠤ ᠶᠢᠨ ᠴᠤ ᠠᠷᠭ᠎ᠠ ᠦᠭᠡᠶ᠂ ᠵᠥᠭᠡᠯᠡᠨ ᠵᠥᠯᠭᠡᠯᠢᠭ᠌ ᠳᠠᠠᠵᠢᠨ ᠳᠡᠭᠡᠷ᠎ᠡ ᠳᠡᠷᠭᠡ ᠪᠠᠨ ᠵᠤᠭᠰᠤᠭᠠᠯ᠎ᠠ᠃
ᠳᠠᠷᠠ ᠬᠤᠶᠠᠷ ᠣᠳᠠᠵᠤ ᠳᠦᠳᠠᠯ ᠦᠭᠡᠶ ᠭᠦᠭᠡ ᠳᠤᠭᠤᠰᠬ᠎ᠠ ᠲᠡᠶ ᠣᠩᠭ᠋ᠤᠨ ᠤ ᠵᠠᠬ᠎ᠠ ᠳᠤ ᠢᠷᠠᠯ᠎ᠠ᠃ ᠶᠡᠭᠡ ᠯᠠ ᠣᠨᠤᠴᠢᠳᠠᠢ ᠣᠬᠤᠭᠰᠠᠨ ᠠᠵᠢ᠃ ᠠᠯᠳᠠ ᠰᠢᠬᠠᠮ ᠳᠦᠷᠪᠠᠯᠵᠢᠨ ᠳᠡᠭᠡᠪᠦᠷ ᠤᠨ ᠭᠢᠨᠢ ᠳᠠᠭᠯᠠᠭᠠᠰᠤ ᠴᠢᠯᠠᠭᠤ ᠶᠢ ᠥᠵᠡᠭᠡᠳ ᠥᠭᠡᠳᠡ ᠥᠭᠡᠳᠡ ᠡᠴᠠ ᠪᠠᠨ ᠳᠤᠭᠢᠯᠴᠠᠵᠤ ᠳᠡᠰᠭᠦ ᠶᠢᠨ ᠠᠷᠭ᠎ᠠ ᠦᠭᠡᠶ ᠢᠨᠢᠶᠡᠮᠰᠦᠭᠯᠡᠨ᠎ᠡ᠃
ᠣᠳᠤ ᠶᠠᠭᠤ ᠶᠢ ᠨᠢ ᠶᠠᠭᠠᠷᠠᠬᠤᠪ᠂ ᠳᠠᠮᠠᠭᠢᠯᠠᠵᠠᠭᠠᠨᠠ᠃ ᠰᠦᠮ᠎ᠡ ᠶᠢᠨ ᠭᠦᠡᠳᠡᠢ ᠴᠡᠩᠭᠡᠷ ᠣᠨᠢᠶᠠᠷ ᠳᠠᠳᠠᠨ᠎ᠠ᠃ ᠳᠡᠭᠡᠭᠦᠷ ᠡᠯᠢᠶ᠎ᠡ ᠴᠤ ᠶᠤᠮ ᠦᠦ︖ ᠴᠠᠭᠴᠠᠬᠠᠢ ᠰᠢᠪᠠᠭᠤ ᠴᠤ ᠶᠤᠮ ᠦᠦ᠂ ᠬᠤᠶᠠᠷ ᠳᠤᠮᠤ ᠰᠢᠪᠠᠭᠤ ᠡᠷᠭᠢᠨ᠎ᠡ᠃
᠊᠊᠊᠊᠊᠊᠊᠊᠊᠊᠊᠊᠊᠊᠊ ᠡᠨᠡ ᠠᠳᠠᠭ ᠪᠠᠭ᠎ᠠ ᠳᠠᠭᠠᠨ ᠸᠠᠩ ᠨᠤᠶᠠᠤᠨ ᠤᠨ ᠣᠩᠭ᠋ᠤᠨ ᠭᠡᠵᠤ ᠰᠢᠶᠤᠤ ᠵᠠᠩ ᠡᠪᠠᠰᠤ ᠰᠢᠷᠠᠯᠵᠢ ᠣᠷᠭᠤᠭᠰᠠᠨ ᠳᠤᠮᠤ ᠰᠠᠭᠤᠷᠢ ᠲᠡᠶ ᠣᠩᠭ᠋ᠤᠨ ᠢ ᠡᠷᠭᠢᠨ ᠳᠤᠭᠤᠷᠢᠨ ᠭᠢᠰᠭᠢᠯᠡᠭ᠍ᠰᠡᠭᠡᠷ ᠭᠡᠯᠡᠨ᠎ᠡ᠃
᠊᠊᠊᠊᠊᠊᠊᠊᠊᠊᠊᠊᠊᠊᠊ ᠪᠢ ᠴᠤ ᠮᠡᠳᠡᠭᠦ ᠦᠭᠡᠶ᠂ ᠳᠤᠳᠤᠷ᠎ᠠ ᠨᠢ ᠬᠠᠷᠢᠨ ᠮᠠᠨ ᠤ ᠢᠳᠡᠭᠡᠮᠵᠢ ᠶᠢᠨ ᠬᠤᠷᠰᠢᠶᠠᠨ ᠤ ᠪᠦᠭᠦ ᠮᠦᠩᠭᠦ ᠯᠠ ᠪᠠᠢ᠌ᠬᠤ ᠰᠢᠭ ᠰᠠᠨᠠᠭᠳᠠᠭᠠᠤᠨ ᠪᠠᠢ᠌ᠨ᠎ᠠ ᠭᠡᠵᠤ ᠯᠤᠤ ᠪᠠᠢ ᠥᠭᠦᠯᠡᠨ᠎ᠡ᠃
᠊᠊᠊᠊᠊᠊᠊᠊᠊᠊᠊᠊᠊᠊᠊ ᠭᠦᠷᠵᠡ ᠵᠡᠭᠡᠳᠦᠤ ᠯᠠ ᠪᠢᠰᠢ᠂ ᠳᠠᠮᠤᠷ ᠭᠠᠩᠰᠠ ᠠᠪᠴᠢᠷᠠᠵᠤ ᠳᠠᠯᠪᠢᠭᠰᠠᠨ ᠳᠠᠭᠠᠨ ᠪᠣᠯᠵᠠᠢ᠃ ᠦᠭᠡᠶ ᠪᠣᠯ ᠶᠠᠭᠤ ᠪᠣᠯᠳᠠᠭ ᠢ ᠭᠡᠨ ᠮᠠᠳᠠᠵᠠᠨᠠᠮ᠃ ᠢᠠᠴᠠᠭ ᠪᠠᠭᠠᠰᠤ ᠠᠯᠳᠠᠵᠤ ᠪᠠᠢ᠌ᠭᠠᠤᠨ ᠬᠠᠪᠬᠠᠭᠠᠰᠤ ᠶᠢ ᠨᠢ ᠠᠪᠴᠤ ᠣᠷᠭᠢᠯ᠎ᠠ᠃ ᠦᠣᠵᠤ ᠢᠯᠵᠠᠷᠠᠭᠰᠠᠨ ᠦᠨᠦᠷ᠂ ᠣᠨ ᠣᠳᠠᠭᠰᠠᠨ ᠴᠢᠭᠢᠭ᠌ ᠨᠠᠮᠤᠭ ᠤᠨ ᠢᠰᠭᠦᠯᠡᠩ ᠬᠠᠬᠠᠭᠤᠨ ᠦᠨᠦᠷ ᠥᠨᠦᠰᠳᠡᠭᠦ ᠪᠠᠷ ᠬᠤᠤᠷᠳᠠᠬᠤ ᠪᠣᠯᠭᠤᠵᠠᠢ ᠭᠡᠮᠡᠨ ᠬᠣᠢ᠌ᠰᠢ ᠣᠬᠤᠷᠢᠵᠠᠭᠠᠪᠠ᠃ ᠪᠠᠬᠠᠨ ᠭᠦᠯᠢᠶᠡᠵᠤ ᠬᠤᠪᠳᠤᠭ ᠬᠤᠶᠠᠷ ᠳᠤᠯᠤᠭᠠᠢ ᠪᠠᠨ ᠮᠦᠷᠭᠦᠵᠤ ᠠᠯᠳᠠᠮ᠎ᠠ ᠳᠤᠷᠤᠭᠰᠢ ᠱᠠᠭᠠᠢ᠌ᠯᠠ᠃ ᠶᠠᠭᠤᠮ᠎ᠠ ᠳᠤᠳᠤ ᠬᠠᠷᠠᠭᠳᠠᠬᠤ ᠦᠭᠡᠶ᠂ ᠪᠦᠳᠡᠭᠢ᠂ ᠶᠡᠭᠡ ᠯᠠ ᠠᠭᠤᠵᠢᠮ ᠠᠵᠢ᠃ ᠳ᠋ᠢᠶᠠᠮᠪᠠᠷ ᠶᠢᠡᠨ ᠳᠤᠰᠠᠬᠠᠬᠤ ᠳᠤ ᠬᠣᠢ᠌ᠳᠤ ᠬᠠᠨ᠎ᠠ ᠶᠢᠨ ᠠᠭᠤᠢ ᠳᠤ ᠭᠤᠷᠪᠠᠨ ᠰᠢᠷ᠎ᠠ ᠶᠠᠭᠤᠮ᠎ᠠ ᠭᠢᠯᠠᠰᠭᠢᠬᠤ ᠠᠵᠠᠢ᠃
᠊᠊᠊᠊᠊᠊᠊᠊᠊᠊᠊᠊᠊᠊᠊ ᠠᠯᠳᠠ︕ ᠰᠢᠷ᠎ᠠ ᠠᠯᠳᠠ ᠭᠡᠵᠤ ᠰᠢᠶᠤᠤ ᠵᠠᠩ ᠦᠪᠡᠷ ᠤᠨ ᠡᠷᠭᠡ ᠦᠭᠡᠶ ᠬᠠᠰᠭᠢᠷᠤᠯ᠎ᠠ᠃
ᠯᠤᠤ ᠪᠠᠢ ᠨᠢᠳᠤ ᠪᠠᠨ ᠵᠥᠯᠭᠦᠨ᠎ᠡ᠃
ᠡᠷᠳᠡᠨ ᠤ ᠬᠠᠭᠠᠤᠨ ᠨᠤᠶᠠᠤᠨ ᠤᠨ ᠣᠩᠭ᠋ᠤᠨ ᠵᠢᠭᠰᠠᠭᠠᠯ ᠦᠭᠡᠶ ᠨᠢ ᠬᠤᠪᠣᠷ ᠶᠤᠮ᠂ ᠰᠢᠶᠤᠤ ᠵᠠᠩ ᠪᠠᠭᠠᠯ ᠶᠢᠡᠨ ᠳᠠᠯᠪᠢᠵᠤ ᠣᠷᠤᠭᠤᠯᠬᠤ ᠪᠣᠯᠤᠯ᠎ᠠ᠃
᠊᠊᠊᠊᠊᠊᠊᠊᠊᠊᠊᠊᠊᠊᠊ ᠭᠦᠢ︕ ᠡᠭᠡᠨᠡᠷ ᠤᠨ ᠴᠢᠨᠢ ᠬᠠᠢ᠌ᠷᠠᠳᠠᠢ ᠪᠠᠭᠠᠯ ᠪᠢᠰᠢ ᠦᠦ︖ ᠬᠠᠷᠢᠭᠠᠤᠨ ᠪᠦᠭᠡᠷ᠎ᠡ ᠪᠠᠨ ᠠᠪᠳᠠᠬᠤ ᠦᠭᠡᠶ ᠦᠦ︖ ᠭᠡᠵᠤ ᠯᠤᠤ ᠪᠠᠢ ᠭᠡᠯᠡᠭᠦ ᠳᠤ
᠊᠊᠊᠊᠊᠊᠊᠊᠊᠊᠊᠊᠊᠊᠊ ᠭᠡᠷᠡᠭ᠌ ᠦᠭᠡᠶ ᠥᠭᠡ᠂ ᠪᠠᠭᠠᠯ ᠶᠢᠡᠷ ᠳᠤᠷᠰᠢᠬᠤ ᠦᠭᠡᠶ᠂ ᠴᠢᠮ᠎ᠠ ᠪᠠᠷ ᠳᠤᠷᠰᠢᠨ᠎ᠠ ᠦᠦ︖ ᠨᠢᠭᠡ ᠪᠠᠭᠠᠯ ᠶᠢᠡᠷ ᠮᠢᠩᠭ᠋ᠠᠨ ᠪᠠᠭᠠᠯ ᠰᠤᠯᠢᠵᠤ ᠪᠣᠯᠤᠨ᠎ᠠ ᠰᠢᠤ︕ ᠡᠭᠡᠨᠡᠷ ᠲᠠᠭᠡᠨ ᠠᠯᠳᠠᠨ ᠪᠦᠭᠡᠷ᠎ᠡ ᠠᠪᠠᠴᠢᠵᠤ ᠦᠭᠭᠦᠨ᠎ᠡ ᠭᠡᠨ᠎ᠡ᠃
ᠭᠦᠭᠡᠷᠦᠭᠦᠢ ᠪᠠᠭᠠᠯ ᠰᠢᠶᠤᠤ ᠵᠠᠩ ᠤᠨ ᠭᠠᠷ ᠬᠤᠷᠤᠭᠤ ᠨᠢᠭᠤᠷ ᠬᠠᠴᠠᠷ ᠢ ᠦᠨᠦᠰᠴᠤ ᠠᠪᠣᠭᠰᠠᠨ ᠶᠢᠡᠨ ᠢᠳᠠᠰᠢ ᠦᠭᠭᠦ ᠭᠡᠵᠤ ᠰᠠᠨᠠᠵᠤ ᠪᠣᠯᠤᠯᠳᠠᠢ ᠨᠢᠭᠡ ᠶᠡᠭᠡ ᠳᠦᠪᠡᠭᠯᠡᠭ᠍ᠰᠡᠨ ᠦᠭᠡᠶ᠃ ᠭᠦᠰ︕ ᠭᠡᠵᠤ ᠳᠠᠭᠤ ᠭᠠᠷᠤᠭᠰᠠᠨ ᠶᠢᠡᠨ ᠨᠥᠭᠡᠨ ᠳᠤ ᠪᠠᠭᠤᠪᠠ᠃ ᠶᠡᠭᠡᠯ᠎ᠡ ᠭᠦᠨ ᠠᠵᠢ᠂ ᠪᠠᠷᠤᠭ ᠨᠢᠭᠡ ᠵᠠᠩ ᠢᠯᠡᠭᠦᠤ ᠪᠠᠢ᠌ᠨ᠎ᠠ᠃ ᠡᠷᠭᠡ ᠪᠠᠭᠠᠯ ᠬᠠᠪ ᠬᠠᠪ ᠬᠤᠴᠠᠨ᠎ᠠ᠃ ᠪᠠᠰᠠ ᠶᠠᠭᠤ ᠨᠢᠭᠡ ᠶᠢ ᠦᠨᠦᠷᠯᠠᠨᠡ᠃ ᠪᠠᠭᠠᠯ ᠥᠭᠦᠭᠦ ᠦᠭᠡᠶ ᠶᠤᠮ ᠴᠢᠨᠢ ᠪᠢᠳᠠ ᠶᠠᠭᠤᠨᠢ ᠥᠭᠦᠭᠦ ᠪᠣᠢ︖ ᠭᠡᠵᠤ ᠰᠢᠶᠤᠤ ᠵᠠᠩ ᠭᠡᠯᠡᠨ᠎ᠡ᠃ ᠶᠠᠭᠤᠮ᠎ᠠ ᠮᠡᠳᠡᠳᠡᠭ᠌ ᠶᠢᠡᠷ ᠶᠢᠡᠨ ᠰᠢᠶᠤᠤ ᠵᠠᠩ ᠯᠤᠤ ᠪᠠᠢ ᠪᠠᠷ ᠳᠡᠭᠡᠰᠤ ᠠᠳᠬᠤᠭᠤᠯᠵᠤ ᠰᠢᠪᠳᠤᠷᠤᠨ ᠪᠠᠭᠤᠯ᠎ᠠ᠃ ᠯᠤᠤ ᠪᠠᠢ ᠳᠤᠮᠤ ᠭᠦᠡᠳᠤ ᠠᠵᠢ᠃
ᠪᠦᠳᠡᠭᠢ ᠬᠠᠷᠠᠩᠭ᠋ᠤᠢ ᠳᠤ ᠰᠢᠶᠤᠤ ᠵᠠᠩ ᠠᠶᠤᠳᠠᠰᠤ ᠭᠦᠷᠤᠨ᠎ᠡ᠃ ᠳ᠋ᠢᠶᠠᠠᠪᠠᠷ ᠤᠨ ᠭᠡᠷᠡᠯ ᠳᠤ ᠣᠷᠳᠤ ᠳᠤᠮᠤ ᠠᠪᠰᠠ ᠳᠠᠯᠪᠢᠭᠠᠰᠤᠳᠠᠢ᠂ ᠰᠢᠷ᠎ᠠ ᠶᠠᠭᠤᠮ᠎ᠠ ᠭᠢᠯᠠᠰᠭᠢᠳᠠᠭ ᠠᠭᠤᠢ ᠳᠤ ᠭᠡᠷᠡᠯ ᠳᠤᠰᠬᠠᠬᠤ ᠳᠤ ᠰᠢᠵᠢᠷ ᠭᠡᠷᠡᠯ ᠳᠠᠳᠠᠭᠰᠠᠨ ᠭᠤᠷᠪᠠᠨ ᠴᠥᠭᠦᠴᠡ ᠪᠠᠢ᠌ᠪᠠ᠃ ᠡᠮᠤᠨ᠎ᠡ ᠪᠠᠨ ᠡᠭᠦᠳᠡ ᠲᠡᠶ᠂ ᠡ᠊ᠨᠳᠡ ᠳᠠᠠᠳᠠ ᠨᠢ ᠰᠠᠯᠠᠮ᠎ᠠ ᠪᠣᠶᠤ ᠨᠤᠮᠤ ᠰᠤᠮᠤ ᠬᠠᠷᠠᠭᠳᠠᠬᠤ ᠦᠭᠡᠶ᠂ ᠬᠠᠷᠢᠨ ᠬᠠᠨ᠎ᠠ ᠬᠠᠶᠠᠭ᠎ᠠ ᠶᠢ ᠨᠢ ᠪᠦᠮᠪᠤᠷᠬᠡᠨ ᠴᠢᠯᠠᠭᠤᠳ ᠶᠢᠡᠷ ᠳᠤᠳᠤᠷᠯᠠᠵᠤ᠂ ᠳᠡᠭᠡᠪᠦᠷ ᠢ ᠨᠢ ᠪᠦᠳᠦᠭᠦᠨ ᠨᠠᠷᠠᠰᠤᠨ ᠳ᠋ᠦᠠᠵᠠ ᠮᠤᠳᠤ ᠪᠠᠷ ᠪᠦᠷᠢᠭ᠍ᠰᠡᠨ ᠠᠵᠢ᠃
ᠰᠢᠶᠤᠤ ᠵᠠᠩ ᠠᠪᠰᠠ ᠶᠢ ᠭᠦᠳᠡᠯᠭᠡᠵᠤ ᠥᠵᠡᠭᠦ ᠳᠤ ᠠᠵᠢᠭ ᠴᠤ ᠦᠭᠡᠶ᠂ ᠬᠠᠪᠬᠠᠭᠠᠰᠤ ᠶᠢ ᠨᠢ ᠬᠤᠶᠠᠭᠤᠯᠠ ᠭᠦᠳᠡᠯᠭᠦ ᠦᠭᠡᠶ ᠪᠣᠯ ᠨᠡᠭᠡᠭᠡᠨ᠎ᠡ ᠭᠡᠳᠡᠭ᠌ ᠴᠤ ᠭᠤᠠᠵᠢ ᠶᠢᠨ ᠵᠤᠭᠤᠭ︕
᠊᠊᠊᠊᠊᠊᠊᠊᠊᠊᠊᠊᠊᠊᠊ ᠯᠤᠤ ᠪᠠᠢ ᠡ᠂ ᠴᠢ ᠳᠡᠭᠡᠰᠤ ᠪᠠᠨ ᠬᠠᠷᠠᠭᠠᠨ᠎ᠠ ᠶᠢᠨ ᠪᠣᠳᠠ ᠡᠴᠠ ᠰᠠᠢ᠌ᠨ ᠠᠷᠭᠠᠮᠵᠢᠵᠤ ᠣᠷᠤᠵᠤ ᠢᠷ᠎ᠠ︕ ᠨᠢᠭᠡ ᠭᠦᠮᠤᠨ ᠳᠠᠭᠠᠭᠠᠬᠤ ᠪᠣᠳᠠ ᠪᠣᠯ ᠪᠣᠯᠤᠯ᠎ᠠ ᠰᠢᠳᠠ᠂ ᠣᠷᠤᠭᠠᠤᠨ ᠢᠷᠭ᠍ᠰᠡᠨ ᠶᠤᠮ ᠴᠢᠨᠢ ᠭᠠᠷᠴᠤ ᠳᠠᠢ᠌ᠯᠤᠯ ᠦᠭᠡᠶ ᠳ᠋ᠠ ᠭᠡᠵᠤ ᠰᠢᠶᠤᠤ ᠵᠠᠩ ᠵᠠᠷᠯᠢᠭᠳᠠᠨ᠎ᠠ᠃
ᠶᠡᠭᠡ ᠯᠠ ᠪᠦᠳᠡᠭᠢ ᠰᠠᠨᠠᠭᠳᠠᠵᠤ ᠪᠠᠢ᠌ᠭᠰᠠᠨ ᠴᠢᠨᠢ ᠨᠢᠳᠤ ᠳᠠᠰᠤᠭᠠᠤᠨ ᠢᠷᠠᠪᠠᠯ ᠵᠥᠭᠡᠷᠭᠡᠨ ᠥᠵᠡᠭ᠍ᠳᠡᠭᠦ ᠠᠵᠢ᠃ ᠳᠠᠷᠠ ᠬᠤᠶᠠᠷ ᠠᠷᠠᠢ ᠭᠡᠵᠤ ᠠᠮᠠᠰᠠᠷ ᠢ ᠨᠢ ᠨᠡᠭᠡᠭᠡᠳᠡᠯ᠎ᠡ᠃ ᠭᠦᠭᠡᠷᠦᠭᠦᠢ ᠪᠠᠭᠠᠯ ᠴᠤ ᠥᠵᠡᠭᠦ ᠭᠡᠵᠤ ᠪᠣᠮᠪᠠᠭᠴᠢᠨᠠ᠃
ᠲ᠋ᠠᠷᠠ ᠬᠤᠶᠠᠷ ᠨᠢᠳᠤ ᠪᠠᠨ ᠢᠳᠡᠭᠡᠵᠤ ᠶᠠᠳᠠᠨ᠎ᠠ᠃ ᠶᠠᠭᠤᠨᠢ ᠸᠠᠩ ᠨᠤᠶᠠᠨ᠂ ᠹᠦ᠋ ᠵᠸᠤ ᠶᠢᠨ ᠨᠤᠶᠠᠨ ᠪᠠᠢ᠌ᠬᠤ᠂ ᠬᠠᠷᠢᠨ ᠨᠢᠭᠡ ᠶᠡᠭᠡ ᠵᠠᠩᠵᠤᠨ ᠤ ᠣᠩᠭ᠋ᠤᠨ ᠠᠵᠢ᠃ ᠬᠠᠵᠠᠭᠤᠳᠠ ᠨᠢ ᠪᠠᠳᠮᠠᠷᠠᠭ ᠡᠷᠳᠡᠨᠢ ᠶᠢᠨ ᠰᠢᠭᠢᠦᠡᠭᠡᠷᠢ ᠲᠡᠶ ᠬᠤᠷᠴᠠ ᠢᠯᠳᠤ᠃ ᠭᠡᠴᠦᠨᠡᠨ ᠭᠦᠮᠤᠨ ᠢ ᠬᠤᠷᠤᠭᠠᠭᠰᠠᠨ ᠢ ᠪᠣᠤ ᠮᠠᠳᠠ᠂ ᠬᠤᠢ ᠡᠴᠠ ᠨᠢ ᠰᠤᠭᠤᠯᠵᠤ ᠥᠵᠡᠭᠦ ᠳᠤ ᠭᠦᠢᠳᠡᠨ ᠭᠡᠷᠡᠯ ᠰᠠᠴᠤᠷᠠᠨ᠎ᠠ᠃ ᠡᠰᠢᠨ ᠳᠡᠭᠡᠷ᠎ᠡ ᠨᠢ ᠦᠯᠦ ᠳᠠᠨᠢᠬᠤ ᠡᠷᠳᠡᠨ ᠤ ᠥᠰᠦᠭ᠌ ᠲᠡᠶ᠂ ᠡᠷᠳᠡᠨᠢ ᠶᠢᠨ ᠰᠠᠯᠠᠮ᠎ᠠ ᠭᠡᠳᠡᠭ᠌ ᠴᠤ ᠮᠡᠳᠡᠭᠡᠵᠢ᠃ ᠳᠤᠯᠤᠭᠠᠢ ᠶᠢᠨ ᠳᠠᠯ᠎ᠠ ᠳᠤ ᠨᠢ ᠠᠯᠳᠠᠨ ᠪᠣᠯᠬᠠᠭᠠᠰᠤ ᠲᠡᠶ ᠳᠤᠭᠤᠯᠭ᠎ᠠ᠂ ᠺᠢᠨᠤ᠋ ᠳᠸᠯᠸᠢᠰ ᠲᠤ ᠭᠠᠷᠳᠠᠭ ᠰᠢᠭ ᠶᠠᠭᠤ ᠪᠠᠷ ᠭᠢᠭ᠍ᠰᠡᠨ ᠨᠢ ᠦᠯᠦ ᠮᠡᠳᠡᠭ᠍ᠳᠡᠭᠦ ᠬᠤᠶᠠᠭ ᠳᠡᠷᠢᠭᠦᠳᠡᠨ ᠪᠠᠢ᠌ᠪᠠ᠃
ᠲ᠋ᠠᠷᠠ ᠬᠤᠶᠠᠷ ᠪᠠᠶ᠎ᠠ ᠪᠠᠶ᠎ᠠ ᠪᠠᠨ ᠰᠢᠷᠳᠠᠯᠴᠠᠨᠡ᠃ ᠭᠡᠳᠥᠢᠪᠠᠷ ᠠᠯᠳᠠᠨ ᠪᠣᠷᠬᠠᠨ ᠣᠯᠤᠭᠰᠠᠨ ᠦᠭᠡᠶ ᠴᠤ ᠯᠢᠶᠤᠤ ᠶᠢᠨ ᠶᠡᠭᠡ ᠵᠠᠩᠵᠤᠨ ᠤ ᠬᠤᠶᠠᠭ ᠳᠤᠭᠤᠯᠠᠭ᠎ᠠ᠂ ᠡᠷᠳᠡᠨᠢ ᠶᠢᠨ ᠰᠠᠯᠠᠮ᠎ᠠ ᠴᠢᠨᠢ ᠪᠣᠯᠴᠢᠬᠠᠨ᠎ᠠ ᠰᠢᠤ ᠳ᠋ᠠ᠂ ᠡᠨᠡ ᠠᠯᠳᠠᠨ ᠪᠣᠷᠬᠠᠨ ᠡᠴᠠ ᠦᠨ᠎ᠡ ᠭᠦᠷᠴᠤ ᠮᠠᠳᠠᠨ᠎ᠡ᠂ ᠠᠯᠳᠠᠨ ᠪᠣᠷᠬᠠᠨ ᠴᠢᠨᠢ ᠡᠷᠳᠡᠨ ᠤ ᠰᠦᠮ᠎ᠡ ᠭᠡᠢ᠌ᠤᠨ ᠲᠤ ᠪᠠᠢ᠌ᠳᠠᠭ ᠯᠠ ᠪᠣᠶᠠᠨ᠂ ᠭᠡᠳᠡᠯ᠎ᠡ ᠯᠢᠶᠤᠤ ᠶᠢᠨ ᠭᠡᠳᠡᠯ᠎ᠡ᠂ ᠾᠦᠩᠨᠦ ᠶᠢᠨ ᠵᠠᠩᠵᠤᠨ ᠤ ᠬᠤᠶᠠᠭ ᠳᠤᠭᠤᠯᠠᠭ᠎ᠠ ᠢᠯᠳᠤ ᠭᠡᠵᠤ ᠶᠠᠷᠤ ᠰᠤᠨᠤᠰᠤᠭᠠᠳᠤᠢ᠃
᠊᠊᠊᠊᠊᠊᠊᠊᠊᠊᠊᠊᠊᠊᠊ ᠡᠨᠡ ᠮᠤᠠᠳᠠᠭ ᠳᠤᠮᠤ ᠡᠷ᠎ᠡ ᠪᠣᠯᠤᠯᠳᠠᠢ᠂ ᠡᠨᠡ ᠮᠠᠯᠠᠭᠠᠢ ᠶᠢ ᠡᠮᠦᠰᠦᠭᠡᠳ ᠶᠠᠭᠠᠭᠢᠵᠤ ᠪᠠᠢ᠌ᠯᠳᠤᠭᠠᠨ ᠳᠤ ᠣᠷᠤᠳᠠᠭ ᠶᠤᠮ ᠪᠣᠢ ᠭᠡᠵᠤ ᠭᠦᠡᠳᠤ ᠳᠡᠭᠡᠷ᠎ᠡ ᠪᠠᠨ ᠳᠤᠮᠤᠳᠠᠭᠰᠠᠨ ᠳᠤᠭᠤᠯᠠᠭ᠎ᠠ ᠶᠢ ᠡᠮᠦᠰᠦᠭᠡᠳ ᠰᠢᠶᠤᠤ ᠵᠠᠩ ᠢᠷᠪᠠᠢ᠌ᠨᠠ᠃
᠊᠊᠊᠊᠊᠊᠊᠊᠊᠊᠊᠊᠊᠊᠊ ᠥᠭᠦᠭ᠍ᠰᠡᠨ ᠭᠦᠮᠤᠨ ᠤ ᠶᠠᠭᠤᠮ᠎ᠠ ᠶᠢ ᠡᠮᠦᠰᠦᠭᠡᠳ᠂ ᠴᠢᠦᠡᠭᠦᠷ ᠳᠠᠭᠠᠨ᠎ᠠ ᠭᠡᠵᠤ ᠯᠤᠤ ᠪᠠᠢ ᠥᠭᠦᠯᠡᠭᠦ ᠳᠤ᠄
᠊᠊᠊᠊᠊᠊᠊᠊᠊᠊᠊᠊᠊᠊᠊ ᠠᠮᠢᠳᠤ ᠭᠦᠮᠤᠨ ᠪᠠᠢ᠌ᠭᠠᠤᠨ ᠥᠭᠦᠭ᠍ᠰᠡᠨ ᠡᠴᠠ ᠶᠠᠭᠤᠨᠢ ᠠᠶᠤᠴᠢᠬᠠᠭᠰᠠᠨ ᠶᠤᠮ᠂ ᠥᠭᠦᠭ᠍ᠰᠡᠨ ᠡᠴᠠ ᠪᠣᠤ ᠠᠶᠤ᠂ ᠠᠮᠢᠳᠤ ᠡᠴᠠ ᠨᠢ ᠠᠶᠤᠵᠤ ᠶᠠᠪᠣ᠂ ᠴᠢᠦᠡᠭᠦᠷ ᠭᠡᠳᠡᠭ᠌ ᠴᠢᠨᠢ ᠴᠢ ᠪᠢᠳᠠ ᠬᠤᠶᠠᠷ ᠰᠢᠭ ᠡᠢ᠌ᠮᠤ ᠯᠠ ᠣᠯᠤᠰ ᠰᠢᠤ︕ ᠭᠡᠵᠤ ᠳᠠᠰ ᠳᠠᠰ ᠭᠦᠭᠦᠷᠡᠨᠡ᠃ ᠰᠢᠶᠤᠤ ᠵᠠᠩ ᠪᠣᠯ ᠨᠠᠰᠤ ᠪᠠᠷ ᠳᠡᠭᠦᠤ ᠴᠤ ᠶᠠᠭᠤᠮ᠎ᠠ ᠥᠵᠡᠭ᠍ᠰᠡᠨ ᠳᠤᠯᠤᠭᠠᠢ ᠮᠦᠷᠳᠡᠭᠡᠨ ᠶᠠᠭᠤᠮᠠᠨ ᠳᠤ ᠳᠤᠷᠠᠳᠠᠢ ᠵᠠᠩ ᠶᠢᠡᠨ ᠥᠭᠦᠭᠦ ᠦᠭᠡᠶ ᠪᠣᠯ ᠬᠠᠶᠠᠬᠤ ᠭᠦᠮᠤᠨ ᠪᠢᠰᠢ ᠶᠤᠮ᠃ ᠵᠠᠩᠵᠤᠨ ᠤ ᠠᠷᠠᠭ ᠶᠠᠰᠤᠨ ᠳᠡᠭᠡᠷ᠎ᠡ ᠭᠢ ᠦᠣᠵᠤ ᠭᠦᠭᠡᠴᠦᠷᠡᠭ᠍ᠰᠡᠨ ᠳᠡᠷᠯᠢᠭ᠌ ᠢ ᠨᠢ ᠭᠠᠷ ᠶᠢᠡᠷ ᠶᠢᠡᠨ ᠵᠥᠯᠭᠦᠭᠦ ᠲᠡᠶ ᠥᠯᠢᠶᠡᠭᠦ ᠲᠡᠶ ᠢᠯᠠ ᠪᠣᠯᠭᠠᠵᠤ ᠠᠪᠣᠭᠰᠠᠨ ᠶᠢᠡᠨ ᠪᠠᠭᠤᠤ ᠰᠢᠯᠪᠢ ᠶᠢᠨ ᠶᠠᠰᠤ ᠲᠡᠶ ᠨᠢ ᠦᠪᠡᠷ ᠤᠨ ᠶᠠᠰᠤ ᠪᠠᠨ ᠠᠳᠠᠯᠢᠤᠠᠬᠠᠵᠤ ᠦᠵᠡᠨ᠎ᠡ᠃
᠊᠊᠊᠊᠊᠊᠊᠊᠊᠊᠊᠊᠊᠊᠊ ᠡᠨᠡ ᠭᠢᠳᠠᠨ ᠪᠣᠯᠤᠨ ᠮᠤᠩᠭ᠋ᠤᠯ ᠤᠳ ᠶᠠᠭᠠᠭᠢᠬᠤ ᠳᠤ ᠪᠠᠨ ᠡᠢ᠌ᠮᠤ ᠪᠠᠶᠠᠯᠢᠭ ᠳᠦᠷᠦᠳᠡᠭ᠌ ᠶᠤᠮ ᠪᠣᠢ ︖ ᠮᠠᠨ ᠤ ᠡᠮᠡᠰ ᠤᠳ ᠪᠢᠳᠠᠨ ᠢ ᠭᠤᠯᠤᠳᠠᠭ ᠨᠢ ᠠᠷᠭ᠎ᠠ ᠦᠭᠡᠶ᠂ ᠭᠡᠨ ᠡᠢ᠌ᠮᠤ ᠳᠤᠮᠤ ᠭᠦᠴᠤ ᠲᠡᠶ ᠭᠦᠮᠤᠨ ᠤ ᠡᠪᠦᠷ ᠲᠤ ᠣᠷᠤᠶ᠎ᠠ ᠭᠡᠵᠤ ᠳᠤᠷᠯᠠᠬᠤ ᠦᠭᠡᠶ ᠪᠣᠢ ︖ ᠭᠡᠵᠤ ᠵᠢᠭᠠᠬᠠᠨ ᠭᠤᠨᠢᠭᠳᠠᠢ ᠥᠭᠦᠯᠡᠨ᠎ᠡ᠃
ᠨᠠᠷᠠ ᠰᠢᠩᠭᠡᠯ᠎ᠡ ᠪᠣᠯᠤᠯᠳᠠᠢ᠂ ᠣᠩᠭ᠋ᠤᠨ ᠬᠠᠷᠠᠩᠭ᠋ᠣᠢ᠌ᠯᠠᠯᠠ᠃ ᠳᠠᠷᠠ ᠬᠤᠶᠠᠷ ᠪᠠᠴᠢᠮᠳᠠᠯ᠎ᠠ᠂ ᠶᠠᠭᠠᠷᠠᠵᠤ ᠰᠠᠠᠳᠤᠷᠠᠭᠠᠤᠨ ᠣᠭᠤᠳᠠ ᠪᠠᠨ ᠴᠤ ᠳᠡᠭᠡᠷ᠎ᠡ ᠣᠷᠭᠢᠵᠠᠢ᠃ ᠯᠤᠤ ᠪᠠᠢ ᠭᠠᠷ ᠲᠠᠭᠠᠨ ᠭᠤᠷᠪᠠᠨ ᠴᠥᠭᠦᠴᠡ ᠶᠢ ᠪᠠᠷᠢᠴᠢᠬᠠᠭᠰᠠᠨ ᠮᠠᠯᠠᠷᠠᠨᠡ᠂ ᠰᠢᠶᠤᠤ ᠵᠠᠩ ᠳᠤᠭᠤᠯᠠᠭ᠎ᠠ ᠰᠠᠯᠠᠮ᠎ᠠ ᠶᠢ ᠴᠤᠭᠯᠠᠭᠤᠯᠤᠭᠰᠠᠨ ᠶᠢᠡᠨ᠄
᠊᠊᠊᠊᠊᠊᠊᠊᠊᠊᠊᠊᠊᠊᠊ ᠪᠦᠷᠦᠢ ᠪᠣᠯᠴᠢᠬᠠᠯ᠎ᠠ ᠰᠢᠤ᠂ ᠴᠢ ᠭᠠᠷᠤᠭᠠᠤᠨ ᠣᠭᠤᠳᠠ ᠶᠢ ᠣᠷᠤᠭᠤᠯ᠂ ᠳᠡᠭᠡᠷ᠎ᠡ ᠭᠠᠷᠴᠤ ᠢᠳᠠᠵᠤ ᠣᠤᠭᠤᠵᠤ᠂ ᠰᠦᠨᠢ ᠲᠦᠯᠢ ᠪᠣᠯᠭᠠᠵᠤ ᠪᠠᠢ᠌ᠭᠠᠤᠨ ᠭᠤᠳᠤᠯᠳᠤᠬᠤ ᠭᠡᠷᠡᠭ᠌︕ ᠭᠡᠨ᠎ᠡ᠃ ᠰᠢᠶᠤᠤ ᠵᠠᠩ ᠪᠣᠯ ᠬᠤᠳᠠ ᠶᠢᠨ ᠭᠦᠮᠤᠨ᠂ ᠯᠤᠤ ᠪᠠᠢ ᠳᠠᠳᠠᠬᠤ ᠦᠭᠡᠶ ᠪᠣᠯ ᠡ᠊ᠨᠳᠡ ᠪᠠᠨ ᠯᠠ ᠥᠭᠦᠳᠡᠭ᠌ ᠭᠡᠷᠡᠭ᠌᠂ ᠡᠨᠡ ᠨᠥᠭᠡᠨ ᠡᠴᠠ ᠭᠠᠷᠤᠨ᠎ᠠ ᠭᠡᠵᠤ ᠰᠠᠨᠠᠯᠭᠠᠨ ᠦᠭᠡᠶ᠃
ᠯᠤᠤ ᠪᠠᠢ ᠪᠣᠯ ᠪᠠᠶ᠎ᠠ ᠪᠠᠷ ᠨᠠᠮᠠᠬᠠᠨ ᠴᠤ ᠮᠦᠩᠭᠦ ᠵᠢᠭᠡᠯᠡᠭ᠍ᠴᠢᠳ ᠤᠨ ᠵᠤᠴᠢᠯᠠᠯᠭ᠎ᠠ ᠶᠢ ᠭᠦᠵᠡᠭᠡᠯᠡᠭ᠍ᠰᠡᠭᠡᠷ ᠪᠠᠢ᠌ᠵᠤ ᠨᠠᠯᠢᠶᠠᠤᠨ ᠥᠭᠡᠭᠦᠯᠡᠴᠢᠭᠡᠭ᠍ᠰᠡᠨ ᠭᠦᠮᠤᠨ᠃ ᠭᠦᠳᠡᠯᠡᠵᠤ ᠪᠠᠷᠢᠬᠤ ᠨᠢ ᠭᠦᠳᠡᠭᠢ ᠠᠵᠢ᠂ ᠢᠠᠴᠠᠭ ᠠᠯᠳᠠᠨ ᠳᠡᠭᠡᠰᠤ ᠡᠴᠠ ᠴᠢᠩᠭ᠋ᠠᠭᠠᠨ᠎ᠠ᠃ ᠰᠢᠶᠤᠤ ᠵᠠᠩ ᠳᠤᠤᠷ᠎ᠠ ᠡᠴᠠ ᠨᠢ ᠡᠷᠭᠦᠨ᠎ᠡ᠂ ᠠᠮᠠᠰᠠᠷ ᠨᠢ ᠨᠠᠯᠢᠶᠠᠤᠨ ᠤᠢ᠌ᠷᠠᠬᠠᠨ ᠪᠣᠯᠪᠠ᠃ ᠭᠡᠪᠠᠴᠤ ᠰᠢᠶᠤᠤ ᠤᠨ ᠡᠷᠭᠦᠯᠳᠡ ᠨᠢ ᠳᠤᠰᠠ ᠭᠠᠷᠬᠤ ᠦᠭᠡᠶ ᠭᠡᠮᠵᠢᠶᠡᠨ ᠳᠡᠭᠡᠨ ᠳᠤᠯᠵᠠᠢ᠃ ᠯᠤᠤ ᠪᠠᠢ ᠭᠦᠯᠦᠰᠤ ᠭᠤᠭᠤᠵᠢᠭᠤᠯᠵᠤ ᠳᠡᠯᠴᠢᠯᠡᠭ᠍ᠰᠡᠭᠡᠷ ᠳᠡᠭᠡᠭ᠍ᠰᠢ ᠠᠭᠢᠬᠤ ᠶᠢ ᠪᠣᠳᠤᠨ᠎ᠠ᠃ ᠠᠮᠠᠰᠠᠷ ᠳᠡᠭᠡᠷ᠎ᠡ ᠨᠢ ᠭᠠᠷ ᠭᠦᠷᠴᠤ ᠠᠯᠳᠠᠮ᠎ᠠ ᠪᠣᠯᠬᠤ ᠲᠡᠶ ᠵᠡᠷᠭᠡ ᠫᠦᠰ ᠭᠡᠰᠡᠨ ᠪᠦᠭᠯᠡᠭᠦᠤ ᠳᠠᠭᠤ ᠭᠠᠷᠴᠤ ᠯᠤᠤ ᠪᠠᠢ ᠭᠠᠵᠠᠷ ᠰᠠᠪᠠᠭᠳᠠᠨ ᠤᠢ᠌ᠴᠢᠪᠠ᠃ ᠣᠨ ᠣᠳᠠᠭᠰᠠᠨ ᠦᠳᠡᠯᠤᠭᠰᠠᠨ ᠬᠠᠷᠠᠭᠠᠨ᠎ᠠ ᠡᠴᠠ ᠣᠶᠠᠭᠰᠠᠨ ᠠᠵᠢ᠃ ᠬᠠᠷᠠᠭᠠᠨ᠎ᠠ ᠣᠭ ᠶᠢᠡᠷ ᠶᠢᠡᠨ ᠮᠤᠯᠭᠤᠷᠠᠵᠤ᠂ ᠪᠣᠳᠠ ᠬᠠᠷᠠᠭᠠᠨ᠎ᠠ ᠨᠥᠭᠡᠨ ᠠᠮᠠᠰᠠᠷ ᠳᠡᠭᠡᠷ᠎ᠡ ᠰᠠᠷᠪᠠᠢ᠌ᠨᠠ᠃
ᠪᠠᠷᠠᠪᠠ︕ ᠬᠤᠶᠠᠭᠤᠯᠠ ᠥᠭᠡᠳᠡ ᠥᠭᠡᠳᠡ ᠡᠴᠠ ᠪᠠᠨ ᠰᠢᠷᠳᠠᠯᠴᠠᠨᠡ᠃ ᠨᠥᠭᠡᠨ ᠤ ᠡᠭᠦᠳᠡ ᠶᠢ ᠰᠠᠯᠠᠮ᠎ᠠ ᠪᠠᠷ ᠣᠬᠤᠭᠠᠤᠨ ᠭᠠᠷᠴᠤ ᠪᠣᠯᠤᠨ᠎ᠠ᠂ ᠭᠡᠪᠠᠴᠤ 《ᠡᠯᠵᠢᠭᠡᠨ ᠵᠢᠯ ᠤᠨ ᠯᠠᠭᠤᠰᠠᠨ ᠬᠠᠪᠣᠷ》 ᠭᠡᠳᠦᠢ ᠣᠳᠠᠬᠤ ᠶᠢ ᠭᠡᠨ ᠮᠠᠳᠠᠨ᠎ᠡ᠂ ᠳᠠᠷᠠᠭ᠎ᠠ ᠦᠷᠯᠦᠭᠡ ᠪᠣᠯᠳᠠᠯ᠎ᠠ ᠭᠠᠷᠬᠤ ᠦᠭᠡᠶ ᠪᠣᠯ ᠳᠡᠯᠭᠡᠷ ᠡᠷᠢᠵᠤ ᠢᠷᠡᠭᠦ ᠦᠭᠡᠶ ᠦᠦ︖ ᠨᠠᠨ ᠮᠤᠩᠭ᠋ᠤᠯ ᠤᠳ ᠭᠡᠳᠡᠭ᠌ ᠴᠢᠨᠢ ᠦᠪᠡᠷ ᠶᠢᠡᠨ ᠵᠤᠭᠤᠰ ᠴᠤᠭᠯᠠᠭᠤᠯᠬᠤ ᠶᠢ ᠴᠢᠳᠠᠬᠤ ᠦᠭᠡᠶ ᠪᠠᠢ᠌ᠭᠠᠤᠨ ᠠᠮᠠ ᠪᠦᠭᠯᠡᠭᠦ ᠵᠤᠭᠤᠰ ᠢ ᠠᠪᠬᠤ ᠦᠭᠡᠶ ᠨᠤᠬᠠᠤᠨ ᠰᠢᠤ︕ ᠣᠳᠤ ᠶᠠᠭᠠᠭᠢᠨ᠎ᠠ ᠭᠡᠵᠤ ᠭᠠᠷ ᠶᠢᠡᠨ ᠨᠤᠬᠤᠯᠠᠨ᠎ᠠ᠃ ᠬᠠᠨ᠎ᠠ ᠬᠠᠶᠠᠭ᠎ᠠ ᠶᠢ ᠨᠢ ᠰᠠᠢ᠌ᠬᠠᠨ ᠨᠠᠷᠢᠪᠴᠢᠯᠠᠵᠤ ᠥᠵᠡᠭᠡᠳ ᠬᠠᠷᠢᠨ ᠥᠭᠦᠳᠡᠯ᠎ᠡ ᠪᠠᠨ ᠠᠶᠤᠪᠠ᠃
᠊᠊᠊᠊᠊᠊᠊᠊᠊᠊᠊᠊᠊᠊᠊ ᠡᠨᠡ ᠮᠠᠭᠤ ᠭᠢᠳᠠᠨ ᠤ ᠰᠢᠭᠡᠰᠤ ᠤᠳ︕ ᠭᠡᠵᠤ ᠰᠢᠶᠤᠤ ᠵᠠᠩ ᠠᠶᠤᠬᠤ ᠠᠭᠤᠷᠯᠠᠬᠤ ᠳᠠᠪᠬᠤᠴᠠᠵᠤ᠂ ᠡᠷᠡᠤ ᠠᠮᠠ ᠨᠢ ᠡᠪᠯᠡᠵᠤ ᠳᠡᠢ᠌ᠯᠭᠦ ᠦᠭᠡᠶ ᠴᠠᠴᠠᠷᠠᠨ᠎ᠡ᠃
᠊᠊᠊᠊᠊᠊᠊᠊᠊᠊᠊᠊᠊᠊᠊ ᠶᠠᠭᠤ︕ ᠠᠷᠭ᠎ᠠ ᠪᠣᠳᠤᠨ᠎ᠠ ᠰᠢᠤ ᠳ᠋ᠠ ᠭᠡᠵᠤ ᠯᠤᠤ ᠪᠠᠢ ᠳᠠᠢ᠌ᠤᠠᠬᠤᠷᠠᠭᠤᠯᠬᠤ ᠳᠤ ᠄
᠊᠊᠊᠊᠊᠊᠊᠊᠊᠊᠊᠊᠊᠊᠊ ᠡᠴᠢᠭᠡ ᠪᠠᠨ ᠠᠷᠭ᠎ᠠ ᠪᠣᠳᠤᠨ᠎ᠠ ᠦᠦ︖ ᠡᠨᠡ ᠳᠦᠷᠪᠠᠨ ᠳᠠᠯ᠎ᠠ ᠶᠢᠨ ᠠᠯᠢ ᠨᠢᠭᠡ ᠰᠡᠷᠪᠠᠭᠡ ᠶᠢ ᠨᠢ ᠳᠤᠶᠢᠭᠠᠤᠨ ᠠᠪᠣᠯ᠎ᠠ ᠭᠡᠪᠠᠯ ᠳᠠᠭᠤᠰᠤᠭᠰᠠᠨ ᠭᠡᠷᠡᠭ᠌ ᠭᠡᠵᠤ ᠬᠠᠨ᠎ᠠ ᠬᠠᠶᠠᠭ᠎ᠠ ᠶᠢ ᠵᠢᠭᠠᠨ᠎ᠠ᠃
᠊᠊᠊᠊᠊᠊᠊᠊᠊᠊᠊᠊᠊᠊᠊ ᠦᠵᠡᠰᠠ︕ ᠵᠢᠭᠰᠠᠭᠠᠯ ᠦᠭᠡᠶ ᠭᠡᠵᠤ ᠪᠣᠳᠤᠭᠰᠠᠨ ᠴᠢᠨᠢ ᠪᠣᠷᠤᠭᠤᠳᠠᠭᠰᠠᠨ ᠠᠵᠢ᠃ ᠪᠦᠮᠪᠤᠷᠬᠡᠨ ᠴᠢᠯᠠᠭᠤᠳ ᠶᠢᠡᠷ ᠬᠠᠨ᠎ᠠ ᠶᠢ ᠨᠢ ᠰᠢᠭᠠᠵᠤ ᠪᠠᠷᠢᠭᠰᠠᠨ ᠪᠠᠢ᠌ᠵᠤ᠂ ᠭᠡᠷᠪᠡ ᠪᠠᠭ᠎ᠠ ᠯᠠ ᠭᠦᠳᠡᠯᠭᠡᠪᠡ ᠭᠡᠭ᠍ᠰᠡᠭᠡᠷ ᠨᠦᠷᠢᠨ ᠪᠠᠭᠤᠵᠤ ᠢᠷᠡᠭᠡᠳ ᠶᠠᠰᠤ ᠮᠢᠬ᠎ᠠ ᠪᠠᠨ ᠣᠷᠭᠢᠵᠤ ᠭᠠᠵᠠᠷ ᠪᠣᠷᠳᠠᠬᠤ ᠯᠠ ᠣᠴᠢᠷ ᠪᠣᠯᠵᠠᠢ᠃
᠊᠊᠊᠊᠊᠊᠊᠊᠊᠊᠊᠊᠊᠊᠊ ᠴᠢ ᠭᠡᠷᠡᠭ᠌ ᠦᠭᠡᠶ ᠮᠠᠨ ᠤ ᠳᠤ ᠢᠷᠠᠵᠠᠢ ᠭᠡᠵᠤ ᠯᠤᠤ ᠪᠠᠢ ᠠᠯᠳᠠᠨ ᠳᠤᠭᠤᠯᠠᠭ᠎ᠠ ᠶᠢ ᠳᠤᠭᠰᠢᠭᠰᠠᠭᠠᠷ ᠰᠢᠶᠤᠤ ᠵᠠᠩ ᠢ ᠵᠢᠮᠠᠯᠠᠨᠡ᠃ ᠮᠦᠩᠭᠦᠨ ᠤ ᠣᠷᠮ᠎ᠠ ᠨᠢᠭᠡᠨᠲᠡ ᠬᠠᠷᠢᠪᠠ᠃
ᠰᠢᠷᠡᠭᠡᠨ ᠴᠢᠨᠡᠭᠡᠨ ᠣᠩᠭ᠋ᠤᠨ ᠤ ᠠᠮᠰᠠᠷ ᠶᠢᠡᠷ ᠣᠳᠤᠳ ᠭᠡᠯᠡᠯᠡᠵᠡᠨᠡ᠃ ᠨᠢᠭᠡ ᠣᠳᠤ ᠨᠢ ᠳᠡᠭᠡᠰᠤ ᠪᠠᠭᠤᠯᠭᠠᠭᠠᠤᠨ ᠳᠠᠳᠠᠵᠤ ᠠᠪᠣᠭᠠᠰᠠᠢ ᠭᠡᠵᠤ ᠭᠦᠰᠡᠨ᠎ᠡ᠃ ᠥᠭᠡ ᠦᠭᠡᠶ ᠳᠦᠩᠰᠣᠢ᠌ᠨᠡ᠃ ᠭᠠᠭᠴᠠᠬᠠᠨ ᠨᠠᠢ᠌ᠳᠠᠪᠣᠷᠢ ᠪᠣᠯ ᠳᠠᠷᠠ ᠬᠤᠶᠠᠷ ᠦᠨᠦ ᠣᠤᠭᠤᠵᠤ ᠢᠳᠡᠭᠡᠳ ᠬᠠᠨᠤᠭᠰᠠᠨ ᠥᠭᠡᠷ ᠮᠤᠩᠭ᠋ᠤᠯ ᠢ ᠯᠠ ᠭᠦᠯᠢᠶᠡᠭᠦ ᠭᠡᠷᠡᠭ᠌᠃ ᠳᠠᠷᠠ ᠴᠤ ᠭᠡᠳ ᠨᠠᠷᠠ ᠭᠠᠷᠬᠤ ᠡᠴᠠ ᠤᠷᠢᠳ ᠡᠷᠢᠵᠤ ᠢᠷᠡᠭᠦ ᠦᠭᠡᠶ ᠰᠢᠤ᠃ ᠭᠦᠭᠡᠷᠦᠭᠦᠢ ᠪᠠᠭᠠᠯ ᠴᠤ ᠦᠯᠦᠰᠴᠤ ᠪᠣᠯᠤᠯᠳᠠᠢ᠂ ᠭᠢᠩᠭᠢᠨᠠᠵᠤ ᠭᠤᠩᠭᠢᠨᠠᠨᠠ᠃ ᠴᠢᠭᠢᠭ᠌ ᠨᠣᠢ᠌ᠳᠠᠨ ᠪᠣᠯᠬᠤᠷ ᠣᠠᠳᠠᠬᠤ ᠶᠢᠨ ᠴᠤ ᠠᠷᠭ᠎ᠠ ᠦᠭᠡᠶ᠃ ᠠᠮᠢᠳᠤ ᠯᠠ ᠭᠠᠷᠳᠠᠭ ᠶᠤᠮ ᠪᠣᠯ ᠭᠠᠢ᠌ᠭᠤᠢ ᠶᠤᠮ᠂ ᠳᠠᠷᠠ ᠮᠠᠭᠤ ᠮᠤᠩᠭ᠋ᠤᠯ ᠢ ᠳᠡᠭᠡᠳᠦᠰ ᠲᠡᠶ ᠨᠢ ᠬᠤᠳᠠᠯᠳᠤᠭᠠᠤᠨ ᠠᠪᠴᠢᠬᠠᠨ᠎ᠠ ᠭᠡᠵᠤ ᠬᠤᠢ ᠲᠡᠶ ᠰᠠᠯᠠᠮ᠎ᠠ ᠶᠢ ᠠᠯᠠᠭᠠᠨ ᠳᠤ ᠪᠠᠨ ᠪᠠᠷᠢᠭᠰᠠᠭᠠᠷ ᠰᠢᠶᠤᠤ ᠵᠠᠩ ᠯᠤᠤ ᠪᠠᠢ ᠶᠢ ᠳᠠᠢ᠌ᠤᠠᠬᠤᠷᠠᠭᠤᠯᠤᠨ᠎ᠠ᠃
ᠨᠠᠮᠤᠷ ᠤᠨ ᠰᠡᠷᠢᠭᠦᠤ ᠣᠷᠤᠭᠰᠠᠨ ᠲᠡᠶ᠂ ᠨᠥᠭᠡᠨ ᠳᠤᠳᠤᠷ᠎ᠠ ᠪᠠᠢ᠌ᠬᠤ ᠲᠡᠶ ᠳᠠᠭᠠᠷᠠᠳᠠᠰᠤ ᠭᠦᠷᠦᠭᠦᠯᠤᠨᠡ᠃ ᠭᠡᠪᠠᠴᠤ ᠭᠦᠭᠡ ᠨᠤᠭᠤᠭᠠᠨ ᠤ ᠦᠨᠦᠷ ᠥᠨᠦᠰᠳᠡᠭᠦ ᠨᠢ ᠳᠤᠳᠤᠷ ᠣᠩᠭ᠋ᠣᠢ᠌ᠯᠭᠠᠨ᠎ᠠ᠃ ᠭᠡᠨᠡᠳᠲᠡ ᠮᠠᠭᠤᠬᠠᠢ ᠳᠠᠭᠤᠨ ᠭᠠᠷᠪᠠ᠃ ᠰᠢᠶᠤᠤ ᠵᠠᠩ ᠤᠨ ᠡᠪᠦᠷ ᠳᠡᠭᠡᠷ᠎ᠡ ᠭᠡᠪᠳᠡᠵᠤ ᠪᠠᠢ᠌ᠭᠰᠠᠨ ᠪᠠᠭᠠᠯ ᠳᠠᠪ ᠭᠢᠨ ᠰᠠᠷᠳᠠᠯᠵᠠᠨᠡ᠃ ᠴᠢᠨ᠋ᠸ᠎ᠠ ᠣᠯᠢᠵᠤ ᠪᠠᠢ᠌ᠬᠤ ᠠᠵᠢ᠃ ᠨᠢᠭᠡ ᠴᠤ ᠪᠢᠰᠢ᠂ ᠭᠡᠳᠤ ᠭᠡᠳᠤ ᠪᠣᠯᠤᠯᠳᠠᠢ ᠣᠯᠢᠭᠰᠠᠭᠠᠷ ᠤᠢ᠌ᠷᠠᠳᠤᠨ᠎ᠠ᠃ ᠠᠮᠢᠳᠤ ᠮᠢᠬᠠᠨ ᠤ ᠦᠨᠦᠷ ᠠᠪᠣᠭᠰᠠᠨ ᠪᠣᠯ ᠦᠦ︖
ᠯᠤᠤ ᠪᠠᠢ ᠪᠠᠭ᠎ᠠ ᠳᠤ ᠪᠠᠨ ᠴᠢᠨ᠋ᠸ᠎ᠠ ᠡᠴᠠ ᠶᠡᠭᠡ ᠯᠠ ᠠᠶᠤᠳᠠᠭ ᠪᠣᠯᠪᠠᠴᠤ ᠣᠳᠤ ᠠᠶᠤᠬᠤ ᠪᠠᠨ ᠪᠣᠯᠢᠵᠠᠢ᠃ ᠣᠯᠢᠭ ᠶᠢᠡᠨ ᠪᠠᠷᠠᠳᠠᠯ᠎ᠠ ᠣᠯᠢᠮᠠᠢ᠌ᠴᠢ ᠭᠡᠵᠤ ᠭᠡᠯᠡᠨ᠎ᠡ᠃ ᠰᠢᠶᠤᠤ ᠵᠠᠩ ᠡᠷᠳᠡᠨ ᠤ ᠪᠠᠭᠠᠳᠤᠷ ᠰᠢᠭ ᠰᠠᠯᠠᠮ᠎ᠠ ᠪᠠᠨ ᠰᠤᠭᠤ ᠳᠠᠳᠠᠵᠤ᠄ 《ᠢᠷ ᠢ ᠨᠢ ᠦᠵᠡᠶ᠎ᠠ》 ᠭᠡᠨ᠎ᠡ᠃ ᠦᠨᠡᠨ ᠲᠡᠭᠡᠨ ᠴᠢᠨ᠋ᠸ᠎ᠠ ᠴᠤ ᠣᠷᠤᠵᠤ ᠢᠷᠡᠭᠦ ᠦᠭᠡᠶ ᠶᠤᠮ᠂ ᠶᠠᠮᠠᠷ ᠪᠣᠭᠤᠯ ᠨᠢ ᠦᠦ ᠳ᠋ᠡ᠂ ᠶᠠᠭᠤ ᠭᠡᠵᠤ ᠳᠠᠭᠠᠭᠤᠯᠵᠤ ᠣᠷᠤᠰᠢᠭᠤᠯᠤᠭᠳᠠᠬᠤ ᠶᠤᠮ ᠪᠣᠢ︖ ᠭᠡᠳᠡᠯ᠎ᠡ ᠦᠨᠦᠭᠢ ᠴᠢᠨᠢ ᠵᠤᠭᠰᠤᠭ᠎ᠠ ᠵᠢᠯᠤᠭᠤ ᠦᠭᠡᠶ ᠣᠯᠢᠨ᠎ᠠ᠃ ᠨᠢᠭᠡ ᠨᠢ ᠣᠯᠢᠵᠤ ᠪᠠᠷᠠᠳᠠᠯ᠎ᠠ ᠨᠥᠭᠦᠭᠡ ᠨᠢ ᠣᠯᠢᠨ᠎ᠠ᠃ ᠡᠭ᠍ᠳᠡᠭᠦᠤ ᠲᠡᠶ ᠭᠡᠳᠡᠭ᠌ ᠨᠢ᠃ ᠪᠠᠭᠠᠯ ᠯᠠ ᠭᠦᠭᠡᠷᠦᠭᠦᠢ ᠡᠪᠦᠷ ᠣᠷᠤᠭᠤ ᠨᠢ ᠰᠢᠷᠭᠤᠯᠤᠨᠠ᠃
ᠰᠦᠨᠢ ᠳᠤᠮᠳᠠ ᠥᠩᠭᠡᠷᠡᠪᠡ ᠦᠦ᠃ ᠠᠷᠠᠢ ᠭᠡᠵᠤ ᠵᠡᠭᠦᠷᠮᠡᠭᠯᠡᠭᠦ ᠭᠡᠵᠤ ᠪᠠᠢ᠌ᠳᠠᠯ᠎ᠠ ᠣᠩᠭ᠋ᠤᠨ ᠤ ᠠᠮᠠᠰᠠᠷ ᠳᠡᠭᠡᠷ᠎ᠡ ᠨᠢᠭᠡ ᠶᠠᠭᠤᠮ᠎ᠠ ᠨᠠᠳᠣᠢ᠌ᠵᠤ ᠱᠠᠭᠠᠢ᠌ᠨ᠎ᠠ᠃ ᠥᠭᠦᠳᠡᠯ᠎ᠡ ᠠᠶᠤᠭᠰᠠᠨ ᠬᠤᠶᠠᠭᠤᠯᠠ ᠵᠤᠷᠢᠭᠯᠠᠵᠤ ᠳ᠋ᠢᠶᠠᠠᠪᠠᠷ ᠤᠨ ᠭᠡᠷᠡᠯ ᠶᠢᠡᠨ ᠳᠤᠰᠬᠠᠬᠤ ᠳᠤ ᠬᠤᠶᠠᠷ ᠨᠢᠳᠤᠨ ᠡᠴᠠ ᠭᠦᠭᠡ ᠭᠡᠷᠡᠯ ᠳᠠᠳᠠᠨ᠎ᠠ᠃ ᠴᠢᠨ᠋ᠸ᠎ᠠ ᠪᠠᠢ᠌ᠵᠤ᠂ ᠠᠷᠠᠢ ᠭᠡᠵᠤ ᠰᠠᠨᠠᠭ᠎ᠠ ᠠᠮᠠᠷᠠᠳᠠᠯ᠎ᠠ ᠡᠪᠦᠷ ᠳᠠᠭᠢ ᠪᠠᠭᠠᠯ ᠮᠠᠭᠤᠬᠠᠢ ᠭᠠᠰᠠᠯᠵᠤ ᠠᠪᠣᠭᠠᠤᠨ ᠭᠤᠤᠰ ᠭᠢᠨ ᠳᠤᠳᠠᠭᠠᠯ᠎ᠠ᠃ ᠣᠩᠭ᠋ᠤᠨ ᠤ ᠱᠠᠯᠠ ᠪᠠᠷ ᠡᠷᠦᠢ ᠬᠤᠷᠤᠢ ᠦᠭᠡᠶ ᠭᠦᠶᠦᠭᠦ ᠳᠤ ᠪᠠᠷᠢᠵᠤ ᠠᠪᠣᠶ᠎ᠠ ᠭᠡᠳᠡᠯ᠎ᠡ ᠬᠤᠸᠡᠷᠳᠧ︕ ᠭᠦᠷ︕ ᠭᠡᠵᠤ ᠶᠡᠭᠡ ᠳᠠᠭᠤ ᠭᠠᠷᠴᠤ ᠡᠷᠳᠡᠨ ᠤ ᠣᠩᠭ᠋ᠤᠨ ᠦᠮᠤᠷᠠᠪᠠ︕ ᠠᠮᠠᠰᠠᠷ ᠳᠡᠭᠡᠷ᠎ᠡ ᠪᠠᠢ᠌ᠭᠰᠠᠨ ᠴᠢᠨ᠋ᠸ᠎ᠠ ᠠᠶᠤᠨ ᠭᠠᠰᠠᠯᠤᠭᠰᠠᠭᠠᠷ ᠳᠤᠳᠠᠭᠠᠨ᠎ᠠ᠃
ᠨᠠᠷᠠ ᠳᠡᠭᠡᠷ᠎ᠡ ᠭᠠᠷᠴᠠᠢ᠃ ᠳᠡᠷᠭᠡᠨ ᠳᠤᠳᠤᠷ᠎ᠠ ᠣᠠᠳᠠᠨ᠎ᠠ ᠭᠡᠳᠡᠭ᠌ ᠶᠠᠳᠠᠷᠠᠭ᠎ᠠ ᠳᠠᠢ᠌ᠯᠤᠭᠳᠠᠬᠤ ᠶᠠᠭᠤᠮ᠎ᠠ ᠪᠢᠰᠢ᠃ ᠳᠡᠯᠭᠡᠷ ᠤᠨ ᠳᠤᠯᠤᠭᠠᠢ ᠬᠠᠭᠠᠷᠠᠮᠠᠷ ᠡᠪᠠᠳᠦᠨ᠎ᠡ᠃ ᠰᠢᠷ᠎ᠠ ᠳᠠᠢ᠌ᠯᠤᠮᠠᠷ ᠶᠠᠭᠤᠮ᠎ᠠ ᠴᠤ ᠥᠯᠡᠳᠡᠭᠰᠡᠨ ᠦᠭᠡᠶ ᠠᠵᠢ᠃ ᠪᠦᠭᠦᠯᠢ ᠵᠢᠯ ᠪᠣᠯᠳᠠᠯ᠎ᠠ ᠣᠠᠳᠠᠭᠰᠠᠨ ᠰᠢᠭ ᠪᠣᠳᠤᠭᠳᠠᠨ᠎ᠠ᠃ ᠡᠨᠡ ᠬᠤᠶᠠᠷ ᠠᠭᠤᠷᠬᠠᠢ᠌ᠴᠢᠨ ᠴᠢᠨᠢ ᠶᠠᠭᠠᠭᠢᠴᠢᠬᠠᠪᠠ ᠭᠡᠵᠤ ᠡᠰᠢ ᠳᠠᠰᠢ ᠪᠠᠷᠠᠯᠠᠬᠤ ᠳᠤ ᠭᠦᠮᠤᠨ ᠤ ᠪᠠᠷ᠎ᠠ ᠠᠯᠠᠭ᠎ᠠ᠃
ᠳᠡᠷᠳᠡᠭᠡ ᠨᠢᠭᠡ ᠭᠡᠳᠤᠨ ᠬᠠᠷ᠎ᠠ ᠭᠡᠷᠢᠶ᠎ᠡ ᠭᠤᠸᠠᠭᠯᠠᠯᠠ᠃ ᠪᠠᠰᠠ ᠯᠠ ᠳᠠᠷᠠ ᠡᠷᠳᠡᠨ ᠤ ᠣᠩᠭ᠋ᠤᠨ ᠳᠡᠭᠡᠷ᠎ᠡ ᠡᠷᠭᠢᠴᠡᠵᠤ ᠪᠠᠢ᠌ᠬᠤ ᠳ᠋ᠠ ᠭᠡᠵᠤ ᠳᠡᠯᠭᠡᠷ ᠪᠣᠳᠤᠨ᠎ᠠ᠃ ᠳᠠᠷᠠ ᠬᠤᠶᠠᠷ ᠴᠤ ᠪᠠᠷ᠎ᠠ ᠦᠭᠡᠶ ᠪᠣᠯᠬᠤᠷ ᠣᠩᠭ᠋ᠤᠨ ᠳᠡᠭᠡᠷ᠎ᠡ ᠴᠤ ᠭᠡᠰᠡᠨ ᠳᠤᠭᠤᠷᠢᠵᠤ ᠥᠵᠡᠭᠦ ᠪᠠᠷ ᠪᠣᠯᠪᠠ᠃
ᠡᠨ︕ ᠳᠡᠯᠭᠡᠷ ᠡᠰᠡᠯ᠎ᠡ ᠤᠢ᠌ᠴᠢᠬᠤ ᠠᠯᠳᠠᠪᠠ᠃ ᠣᠩᠭ᠋ᠤᠨ ᠠᠭᠤᠳᠠᠯᠠᠭᠳᠠᠵᠠᠢ᠃ ᠦᠨᠦ ᠮᠠᠭᠤ ᠬᠤᠶᠠᠷ ᠬᠠᠷᠢᠨ ᠠᠭᠤᠷᠬᠠᠢ᠌ᠴᠢᠨ ᠶᠢᠡᠷ ᠣᠪᠯᠠᠵᠤ ᠢᠷᠡᠭ᠍ᠰᠡᠨ ᠭᠡᠭᠦᠷ ᠠᠭᠤᠳᠠᠯᠯᠠᠭᠴᠢ᠂ ᠡᠷᠳᠡᠨᠢ ᠶᠢ ᠨᠢ ᠠᠪᠣᠭᠠᠤᠨ ᠳᠤᠳᠠᠭᠠᠴᠢᠬᠠᠵᠠᠢ ᠭᠡᠵᠤ ᠪᠣᠳᠤᠨ᠎ᠠ᠃ ᠣᠩᠭ᠋ᠤᠨ ᠢᠪᠠᠷᠠᠵᠤ ᠨᠤᠷᠠᠭᠠᠤᠨ ᠭᠡᠳᠤᠨ ᠪᠦᠳᠦᠭᠦᠨ ᠳ᠋ᠦᠠᠵᠠ ᠮᠤᠳᠤ ᠶᠤᠷᠳᠣᠢ᠌ᠨ ᠬᠠᠷᠠᠭᠳᠠᠨ᠎ᠠ᠃
ᠭᠦᠭᠡ ᠣᠨᠢᠶᠠᠷᠳᠤ ᠰᠦᠮ᠎ᠡ ᠶᠢᠨ ᠭᠦᠡᠳᠡᠢ ᠳᠤ ᠨᠠᠯᠢᠶᠠᠤᠨ ᠭᠦᠮᠦᠰ ᠴᠤᠭᠯᠠᠷᠠᠪᠠ᠃ ᠳᠤᠮᠢᠯᠠᠭᠰᠠᠨ ᠰᠠᠯᠠᠪᠣᠷᠢ ᠶᠢᠨ ᠬᠤᠸᠠᠩ ᠵᠤ᠂ ᠯᠢ ᠯᠢᠤᠢ ᠬᠤᠶᠠᠷ ᠨᠤᠷᠠᠭᠰᠠᠨ ᠪᠠᠭᠤᠷᠢ ᠳᠡᠭᠡᠷ᠎ᠡ ᠡᠷᠭᠢᠴᠡᠨ᠎ᠡ᠃ ᠳᠠᠷᠠ ᠬᠤᠶᠠᠭᠤᠯᠠ ᠡᠷᠳᠡ ᠮᠡᠳᠡᠭ᠍ᠰᠡᠨ ᠪᠣᠯ ᠬᠤᠯᠠᠭᠠᠢ᠌ᠴᠢ ᠶᠢ ᠪᠠᠷᠢᠵᠤ᠂ ᠶᠠᠭᠤᠮ᠎ᠠ ᠶᠢ ᠨᠢ ᠦᠪᠡᠷ ᠤᠨ ᠭᠢ ᠪᠠᠨ ᠪᠣᠯᠭᠠᠴᠢᠬᠠᠬᠤ ᠶᠤᠮ ᠭᠡᠵᠤ ᠬᠠᠷᠠᠮᠰᠠᠨ᠎ᠠ᠃ ᠭᠡᠳᠤᠨ ᠳ᠋ᠦᠠᠵᠠ ᠮᠤᠳᠤ ᠶᠢ ᠰᠠᠢ᠌ᠨ ᠡᠷᠡᠰ ᠶᠢᠡᠷ ᠰᠤᠭᠤᠯᠵᠤ ᠠᠪᠣᠭᠤᠯᠤᠭᠰᠠᠨ ᠪᠣᠯᠪᠠᠴᠤ ᠮᠡᠳᠡᠭ᠍ᠰᠡᠨ ᠶᠠᠭᠤᠮ᠎ᠠ ᠦᠭᠡᠶ᠂ ᠪᠦᠷ ᠯᠠ ᠴᠢᠯᠠᠭᠤ ᠳᠤᠭᠤᠰᠬ᠎ᠠ᠃ ᠭᠦᠷᠵᠡ᠂ ᠵᠡᠭᠡᠳᠦᠤ᠂ ᠭᠠᠩᠰᠠ᠂ ᠪᠠᠰᠠ ᠨᠢᠭᠡ ᠣᠭᠤᠳᠠ ᠪᠠᠢ᠌ᠨ᠎ᠠ᠃ ᠳᠠᠳᠠ ᠬᠠᠮᠢᠭᠠᠭᠤᠷ ᠳᠤᠳᠠᠭᠠᠭᠰᠠᠨ ᠮᠦᠷ ᠢ ᠡᠷᠢᠨ᠎ᠡ᠃ ᠯᠤᠤ ᠪᠠᠢ ᠶᠢᠨ ᠡᠭᠡᠨᠡᠷ ᠰᠢᠶᠤᠤ ᠵᠠᠩ ᠢ ᠬᠠᠷᠢᠶᠠᠨ᠎ᠠ᠂ ᠯᠤᠤ ᠪᠠᠢ ᠪᠠᠨ ᠴᠤ ᠬᠠᠷᠢᠶᠠᠨ᠎ᠠ᠃ 《ᠶᠡᠭᠡ ᠯᠠ ᠡᠮ᠎ᠡ ᠦᠷ᠎ᠡ ᠳᠤ ᠪᠠᠨ ᠬᠠᠢ᠌ᠷᠠᠳᠠᠢ ᠯᠠ ᠭᠡᠳᠡᠭ᠌ ᠰᠢᠳᠠ᠂ ᠳᠠᠷᠠ ᠡᠷᠳᠡᠨᠢ ᠨᠢ ᠮᠠᠨ ᠡᠴᠠ ᠢᠯᠡᠭᠦᠤ ᠪᠣᠯᠴᠢᠬᠠᠪᠠ ᠦᠦ︖》 ᠭᠡᠵᠤ ᠨᠢᠰᠤ ᠨᠢᠯᠪᠣᠰᠤ ᠪᠠᠨ ᠴᠢᠷᠤᠨ᠎ᠠ᠃ ᠡᠰᠡᠭᠦᠯ᠎ᠡ ᠶᠡᠭᠡ ᠵᠤᠭᠤᠰ ᠣᠯᠴᠢᠬᠠᠭᠠᠤᠨ ᠮᠠᠨ ᠢ ᠠᠪᠠᠴᠢᠳᠠᠭ ᠪᠣᠯ ᠦᠦ ᠭᠡᠵᠤ ᠪᠣᠳᠤᠨ᠎ᠠ᠃
ᠭᠡᠳᠤᠨ ᠡᠳᠦᠷ ᠤᠨ ᠳᠠᠷᠠᠭ᠎ᠠ ᠠᠢ᠌ᠯ ᠭᠤᠤᠯ ᠳᠠᠭᠤ ᠰᠦᠮ᠎ᠡ ᠶᠢᠨ ᠭᠦᠡᠳᠡᠢ ᠶᠢᠨ ᠣᠩᠭ᠋ᠤᠨ ᠳᠤ ᠪᠣᠳᠤᠩ ᠲᠡᠶ ᠠᠯᠳᠠ ᠪᠠᠢ᠌ᠵᠤ ᠭᠡᠨ᠎ᠡ᠂ ᠠᠯᠳᠠᠨ ᠪᠣᠷᠬᠠᠨ ᠭᠠᠷᠴᠤ ᠭᠡᠨ᠎ᠡ᠂ ᠬᠤᠶᠠᠷ ᠵᠠᠪᠰᠢᠭᠴᠢ ᠪᠣᠭᠤᠮᠳᠠ ᠭᠠᠷᠴᠤ ᠳᠠᠢ᠌ᠯᠦᠭᠰᠠᠨ ᠦᠭᠡᠶ ᠪᠠᠷᠢᠭᠳᠠᠵᠤ ᠭᠡᠨ᠎ᠡ ᠭᠡᠰᠡᠨ ᠴᠤᠤ ᠳᠠᠷᠬᠠᠪᠠ᠃ ᠰᠢᠶᠤᠤ ᠵᠠᠩ ᠤᠨ ᠡᠭᠡᠨᠡᠷ ᠴᠤ ᠣᠤᠮᠧᠨ ᠳᠤ ᠪᠠᠢ᠌ᠬᠤ ᠬᠠᠨᠢᠯᠠᠭᠰᠠᠨ ᠡᠮ᠎ᠡ ᠶᠢ ᠨᠢ ᠬᠠᠷᠢᠶᠠᠵᠤ᠂ ᠯᠤᠤ ᠪᠠᠢ ᠶᠢᠨ ᠭᠠᠳᠠᠨ᠎ᠠ ᠡᠴᠠ ᠮᠡᠯᠡᠭᠡᠢ ᠳᠡᠷᠭᠡ ᠶᠢ ᠨᠢ ᠠᠪᠠᠴᠢᠪᠠ᠃
ᠵᠤᠬᠢᠶᠠᠭᠴᠢ ᠶᠢᠨ ᠬᠠᠶᠢᠭ ᠄ ᠪᠠᠭᠠᠷᠢᠨ
ᠵᠤᠬᠢᠶᠠᠭᠴᠢ᠄ ᠫᠣ·ᠰᠠᠨᠠᠭᠠᠷᠠᠪᠣᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 9269
ᠴᠠᠭ᠄ 2011 ᠤᠨ ᠤ 01 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ